ᠲᠡᠮᠦᠷ ᠵᠠᠮ ᠢᠶᠠᠷ ᠡᠨᠡ ᠣᠨ ᠳᠤ 35 ᠰᠠᠶ᠎ᠠ ᠲᠤᠨ ᠠᠴᠠ ᠳᠣᠭᠤᠭᠰᠢ ᠦᠭᠡᠶ ᠠᠴᠢᠶ᠎ᠠ᠂ 2.4 ᠰᠠᠶ᠎ᠠ ᠵᠣᠷᠴᠢᠭᠴᠢ ᠲᠡᠭᠡᠭᠡᠪᠦᠷᠢᠯᠡᠨ᠎ᠡ᠃ ᠢᠩᠭᠢᠬᠦ ᠳᠦ ᠲᠡᠮᠦᠷ ᠵᠠᠮ ᠢᠶᠠᠷ ᠲᠡᠭᠡᠭᠡᠬᠦ ᠠᠴᠢᠶ᠎ᠠ 26.8 ᠬᠤᠪᠢ ᠪᠠᠷ ᠨᠡᠮᠡᠭᠳᠡᠬᠦ ᠠᠴᠠ ᠭᠠᠳᠡᠨ᠎ᠡ ᠬᠥᠳᠡᠯᠬᠦ ᠪᠦᠷᠢᠯᠳᠦᠬᠦᠨ ᠢ 8 ᠵᠢᠳᠬᠦᠭᠦᠷ᠂ 800 ᠸᠠᠭᠤᠨ ᠢᠶᠠᠷ ᠨᠡᠮᠡᠵᠦ᠂ ᠵᠠᠮ ᠤᠨ ᠡᠭᠦᠳᠡ ᠡᠷᠢᠶᠡᠨ ᠪᠣᠭᠤᠮᠲᠠ ᠪᠠᠷ ᠬᠤᠨᠤᠭ ᠲᠤ ᠳᠤᠮᠳᠠᠴᠢ ᠪᠠᠷ 14.5 ᠭᠠᠯᠲᠤ ᠲᠡᠷᠭᠡ ᠬᠦᠯᠢᠶᠡᠯᠭᠡᠨ ᠥᠭᠬᠦ ᠬᠡᠷᠡᠭᠲᠡᠢ᠃
ᠮᠦᠨ ᠡᠨᠡ ᠵᠢᠯ ᠵᠡᠭᠦᠨ ᠪᠠᠶᠠᠨ ᠥᠷᠲᠡᠭᠡ ᠶᠢ ᠥᠷᠭᠡᠳᠬᠡᠵᠦ᠂︽ᠪᠣᠭᠳᠠ ᠬᠠᠨ ︾ᠲᠡᠮᠦᠷ ᠵᠡᠮ ᠲᠥᠰᠥᠯ ᠢ ᠦᠷᠭᠦᠯᠵᠢᠯᠡᠭᠦᠯᠵᠦ᠂ ᠪᠠᠷᠢᠯᠭ᠎ᠠ ᠶᠢᠨ ᠠᠵᠢᠯ ᠤᠨ ᠭᠦᠢᠴᠡᠳᠬᠡᠯ ᠢ 30 ᠬᠤᠪᠢ ᠳᠤ ᠬᠦᠷᠭᠡᠬᠦ ᠪᠠᠷ ᠵᠣᠷᠢᠵᠤ ᠪᠠᠶᠢᠨ᠎ᠡ᠃ ᠮᠦᠠ ᠬᠠᠩᠭᠢ᠂ ᠭᠠᠰᠢᠭᠤᠨᠰᠤᠬᠠᠢᠲᠤ ᠪᠣᠭᠤᠮᠲᠠ ᠳᠤ ᠠᠴᠢᠶ᠎ᠠ ᠰᠢᠯᠵᠢᠭᠦᠯᠦᠨ ᠠᠴᠢᠬᠤ ᠲᠧᠷᠮᠢᠨᠠᠯ ᠪᠠᠶᠢᠭᠤᠯᠬᠤ ᠪᠠᠷ ᠲᠥᠯᠥᠪᠯᠡᠵᠡᠢ᠃ ᠲᠡᠭᠦᠨᠴᠢᠯᠡᠨ᠂ ᠰᠢᠪᠡᠭᠡ ᠬᠦᠷᠡᠩ- ᠴᠡᠭᠡ ᠪᠣᠭᠤᠮᠲᠠ ᠶᠢᠨ ᠬᠢᠯᠢ ᠬᠤᠯᠪᠣᠯᠲᠠ ᠶᠢᠨ ᠲᠡᠮᠦᠷ ᠵᠠᠮ ᠤᠨ ᠲᠥᠰᠥᠯ᠂ ᠴᠣᠶᠢᠪᠠᠯᠰᠠᠩ ᠪᠢᠴᠢᠭᠲᠦ ᠴᠢᠭᠯᠡᠯ ᠤᠨ 426.7 ᠺᠢᠯᠣᠮᠧᠲᠷ ᠲᠡᠮᠦᠷ ᠵᠠᠮ ᠤᠨ ᠲᠥᠰᠥᠯ ᠢ ᠡᠬᠢᠯᠡᠭᠦᠯᠬᠦ ᠪᠠᠷ ᠠᠵᠢᠯ ᠢᠶᠠᠨ ᠱᠠᠲᠤ ᠳᠠᠷᠠᠭ᠎ᠠ ᠲᠠᠢ ᠲᠥᠯᠥᠪᠯᠡᠭᠡᠳ ᠪᠠᠶᠢᠭ᠎ᠠ ᠶᠤᠮ᠃