ᠣᠷᠬᠤᠨ ᠠᠶᠢᠮᠠᠭ ᠲᠤ ᠠᠩᠬ᠎ᠠ ᠤᠳᠠᠭ᠎ᠠ ᠵᠣᠬᠢᠶᠠᠨ ᠪᠠᠶᠢᠭᠤᠯᠬᠤ ᠭᠡᠵᠦ ᠪᠤᠶ︽ᠮᠣᠩᠭᠣᠯ ᠤᠨ ᠪᠦᠬᠦ ᠠᠷᠠᠳ ᠲᠦᠮᠡᠨ ᠤ ᠰᠫᠣᠷᠲ ᠤᠨ 16 ᠳ᠋ᠤᠭᠠᠷ ᠶᠡᠭᠡ ᠨᠠᠭᠠᠳᠤᠮ︾᠂ ᠬᠡᠦᠬᠡᠳ ᠤᠨ ᠡᠪᠦᠯ ᠤᠨ ᠰᠫᠣᠷᠲ ᠤᠨ 7 ᠳ᠋ᠤᠭᠠᠷ ᠨᠠᠭᠠᠳᠤᠮ︽ᠨᠥᠬᠦᠷᠯᠡᠯ᠂ ᠲᠡᠮᠡᠦᠯᠦᠯ᠂ ᠠᠮᠵᠢᠯᠲᠠ︾ ᠤᠷᠢᠶᠠᠨ ᠳᠤᠤᠷ᠎ᠠ ᠪᠣᠯᠤᠨ᠎ᠠ᠃
ᠣᠷᠬᠤᠨ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ 2019 ᠣᠨ ᠳᠤ︽ᠡᠪᠦᠯ ᠤᠨ ᠰᠫᠣᠷᠲ ᠢ ᠬᠥᠭᠵᠢᠭᠦᠯᠬᠦ ᠳᠡᠳ᠋ ᠬᠥᠲᠥᠯᠪᠦᠷᠢ︾ ᠶᠢ ᠪᠠᠲᠤᠯᠠᠵᠤ ᠬᠡᠷᠡᠭᠵᠢᠭᠦᠯᠵᠦ ᠪᠠᠶᠢᠨ᠎ᠡ᠃ ᠬᠥᠲᠥᠯᠪᠦᠷᠢ ᠶᠢᠨ ᠬᠦᠷᠢᠶᠡᠨ ᠳᠤ ᠬᠤᠺᠺᠧᠢ᠂ ᠲᠡᠰᠢᠭᠦᠷ᠂ ᠴᠠᠨ᠎ᠠ ᠶᠢᠨ ᠰᠫᠣᠷᠲ ᠤᠨ ᠪᠠᠭᠰᠢ᠂ ᠳᠠᠰᠬᠠᠯᠵᠢᠭᠤᠯᠤᠭᠴᠢᠳ ᠢ ᠪᠡᠯᠡᠳᠬᠡᠬᠦ᠂ ᠪᠤᠯᠪᠡᠰᠦᠠ ᠬᠦᠴᠦᠨ ᠤ ᠲᠣᠭᠲᠠᠪᠤᠷᠢᠲᠠᠶ ᠪᠠᠶᠢᠳᠠᠯ ᠢ ᠬᠠᠩᠭᠠᠬᠤ᠂ ᠴᠠᠰᠤ ᠫᠤᠤᠳᠠᠭᠴᠢ ᠮᠠᠰᠢᠨ ᠢ ᠣᠷᠣᠨ ᠨᠤᠲᠤᠭ ᠤᠨ ᠬᠥᠷᠥᠩᠭᠡ ᠪᠠᠷ ᠬᠤᠳᠠᠯᠳᠤᠨ ᠠᠪᠴᠠᠢ᠃