ᠭᠤᠷᠪᠠᠳᠤᠭᠠᠷ ᠰᠠᠷ᠎ᠠ ᠳᠤ ᠨᠡᠶᠢᠯᠡᠭᠦᠯᠬᠦ ᠵᠡᠰ ᠦᠨ ᠦᠨ᠎ᠡ ᠨᠢᠦ᠋ ᠶᠤᠷᠺ ᠤᠨ Comex ᠵᠠᠬ᠎ᠠ ᠳᠡᠭᠡᠷ᠎ᠡ 4.2% ᠢᠶᠠᠷ ᠥᠰᠴᠦ᠂ ᠲᠣᠨ ᠨᠢ 9174 ᠳ᠋ᠣᠯᠯᠠᠷ ᠲᠤ ᠬᠦᠷᠴᠡᠢ᠃ ᠬᠢᠲᠠᠳ ᠴᠠᠷ᠎ᠠ ᠲᠠᠬᠤᠯ ᠤᠨ ᠬᠢᠵᠠᠭᠠᠷᠯᠠᠯᠲᠠ ᠪᠠᠨ ᠴᠤᠴᠠᠯᠠᠭᠰᠠᠨ ᠤ ᠳᠠᠷᠠᠭ᠎ᠠ ᠵᠡᠰ ᠦᠨ ᠡᠷᠢᠯᠲᠡ ᠰᠡᠷᠭᠦᠨ᠎ᠡ ᠭᠡᠰᠡᠨ ᠲᠠᠭᠠᠮᠠᠭᠯᠠᠯ ᠶᠣᠰᠣᠭᠠᠷ ᠥᠩᠭᠡᠷᠡᠭᠰᠡᠨ ᠵᠢᠷᠭᠤᠳᠤᠭᠠᠷ ᠰᠠᠷ᠎ᠠ ᠠᠴᠠ ᠬᠣᠶᠢᠰᠢ ᠠᠩᠬ᠎ᠠ ᠤᠳᠠᠭ᠎ᠠ ᠡᠶᠢᠨᠬᠦᠦ ᠲᠣᠨ ᠲᠤᠲᠤᠮ ᠳᠤ ᠪᠠᠨ 9000 ᠳ᠋ᠣᠯᠯᠠᠷ ᠠᠴᠠ ᠳᠠᠪᠠᠵᠠᠢ᠃
ᠵᠡᠰ ᠦᠨ ᠦᠨ᠎ᠡ ᠶᠢᠨ ᠥᠰᠦᠯᠲᠡ ᠨᠢ ᠧᠦᠢᠷᠣᠫᠠ ᠪᠣᠯᠤᠨ ᠬᠢᠲᠠᠳ ᠲᠤ ᠡᠷᠴᠢᠮ ᠬᠦᠴᠦᠨ ᠦ ᠬᠣᠮᠰᠠᠳᠠᠯ ᠳᠤ ᠨᠡᠷᠪᠡᠭᠳᠡᠭᠰᠡᠨ ᠡᠴᠡ ᠬᠣᠶᠢᠰᠢ ᠨᠢᠭᠡ ᠵᠢᠯ ᠦᠨ ᠳᠠᠷᠠᠭ᠎ᠠ ᠪᠢᠷᠵᠢ ᠶᠢᠨ ᠨᠥᠭᠡᠴᠡ ᠪᠠᠭ᠎ᠠ ᠬᠡᠪ ᠢᠶᠡᠷ ᠪᠠᠶᠢᠭ᠎ᠠ ᠦᠶ᠎ᠡ ᠳᠦ ᠲᠣᠬᠢᠶᠠᠵᠤ ᠪᠠᠶᠢᠨ᠎ᠠ᠃ ᠡᠨᠡ ᠣᠨ ᠤ ᠡᠴᠦᠰ ᠭᠡᠬᠦ ᠳᠦ ᠵᠡᠰ ᠦᠨ ᠦᠨ᠎ᠡ 11500 ᠳ᠋ᠣᠯᠯᠠᠷ ᠲᠤ ᠬᠦᠷᠴᠦ ᠮᠠᠭᠠᠳ ᠦᠭᠡᠢ ᠲᠤᠬᠠᠢ Goldman Sachs ᠭᠷᠦ᠋ᠫ ᠤᠨ ᠰᠢᠨᠵᠢᠭᠡᠴᠢ ᠮᠡᠳᠡᠭᠳᠡᠵᠡᠢ᠃