ᠮᠠᠯ ᠲᠡᠵᠢᠭᠡᠪᠦᠷᠢ ᠠᠮᠢᠲᠠᠳ ᠤᠨ ᠲᠣᠭᠠᠯᠠᠯᠭ᠎ᠠ ᠶᠢᠨ ᠤᠷᠢᠳᠴᠢᠯᠠᠭᠰᠠᠨ ᠳ᠋ᠦᠩ ᠢᠶᠠᠷ ᠡᠨᠡ ᠣᠨ ᠳᠤ ᠤᠯᠤᠰ ᠤᠨ ᠬᠡᠮᠵᠢᠶᠡᠨ ᠳᠤ 71.1 ᠰᠠᠶ᠎ᠠ ᠲᠣᠯᠤᠭᠠᠢ ᠮᠠᠯ ᠲᠣᠭᠠᠯᠠᠭᠳᠠᠭᠰᠠᠨ ᠪᠠᠶᠢᠨ᠎ᠡ᠃ ᠡᠨᠡ ᠨᠢ ᠲᠡᠦᠬᠡᠨ ᠳᠡᠭᠡᠨ ᠬᠠᠮᠤᠬ ᠤᠨ ᠦᠡᠳᠦᠷ ᠦᠵᠡᠭᠦᠯᠦᠯᠲᠡ ᠪᠣᠯᠵᠤ ᠪᠠᠶᠢᠭ᠎ᠠ ᠶᠤᠮ᠃
2022 ᠣᠨ ᠤ ᠵᠢᠯ ᠤᠨ ᠡᠴᠦᠰ ᠲᠤ᠂ ᠨᠡᠶᠢᠲᠡ ᠮᠠᠯ ᠰᠦᠷᠦᠭ ᠲᠤ᠄ ᠠᠳᠤᠭᠤ 4.8 ᠰᠠᠶ᠎ᠠ︵6.8 %︶᠂ ᠦᠬᠡᠷ 5.5 ᠰᠠᠶ᠎ᠠ︵7.7 %︶᠂ ᠲᠡᠮᠡᠭᠡ 470.4 ᠮᠢᠩᠭ᠎ᠠ︵0.7 %︶᠂ ᠬᠤᠨᠢ 32.7 ᠰᠠᠶ᠎ᠠ︵46 %︶᠂ ᠢᠮᠠᠭ᠎ᠠ 27.6 ᠰᠠᠶ᠎ᠠ︵38.8 %︶ ᠶᠢ ᠡᠵᠡᠯᠡᠵᠦ ᠪᠠᠶᠢᠨ᠎ᠡ᠃