ᠵᠠᠰᠠᠭ ᠤᠨ ᠭᠠᠵᠠᠷ ᠤᠨ ᠬᠢᠨᠠᠯᠲᠠ ᠬᠡᠷᠡᠭᠵᠢᠭᠦᠯᠬᠦ ᠭᠠᠵᠠᠷ ᠰᠢᠨ᠎ᠡ ᠪᠠᠷ ᠪᠠᠶᠢᠭᠤᠯᠤᠭᠳᠠᠵᠠᠢ᠃ ᠡᠨᠡ ᠪᠠᠶᠢᠭᠤᠯᠤᠯᠭ᠎ᠠ ᠬᠢᠨᠠᠯᠲᠠ ᠰᠢᠯᠭᠠᠯᠲᠠ ᠶᠢ ᠤᠷᠢᠲᠠᠯ ᠪᠣᠯᠭᠠᠬᠤ ᠦᠭᠡᠢ᠂ ᠦᠨᠡᠯᠡᠭᠡ ᠮᠣᠨᠢᠲ᠋ᠣᠷᠤᠨ᠂ ᠲᠠᠨᠳᠠᠯᠲᠠ ᠰᠤᠳᠤᠯᠭ᠎ᠠ᠂ ᠬᠢᠨᠠᠯᠲᠠ ᠰᠢᠯᠭᠠᠯᠲᠠ᠂ ᠬᠠᠤᠯᠢ| ᠶᠢᠨ ᠴᠢᠭᠯᠡᠯ ᠢᠶᠠᠷ ᠠᠵᠢᠯᠯᠠᠨ᠎ᠠ᠃
ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠳ᠋᠊ · ᠠᠮᠤᠷᠪᠠᠶᠠᠰᠬᠤᠯᠠᠩ᠄ ᠪᠢᠳᠡ ᠲᠥᠷᠥ ᠶᠢ ᠭᠠᠵᠠᠷ᠂ ᠬᠡᠯᠲᠡᠰ᠂ ᠠᠯᠪᠠ ᠭᠡᠰᠡᠨ ᠬᠠᠭᠤᠴᠢᠠ ᠪᠦᠲᠦᠴᠡ ᠠᠴᠠ ᠠᠩᠭᠢᠵᠢᠷᠠᠭᠤᠯᠬᠤ ᠶᠢ ᠬᠢᠴᠢᠶᠡᠵᠦ ᠪᠠᠶᠢᠨ᠎ᠡ᠃ ᠨᠢᠭᠡᠴᠢ ᠨᠦᠭᠦᠳ ᠪᠠᠭ ᠤᠨ ᠵᠠᠷᠴᠢᠮ ᠢᠶᠠᠷ ᠠᠵᠢᠯᠯᠠᠨ᠎ᠠ᠃ ᠲᠤᠬᠠᠶᠢᠯᠠᠪᠠᠯ᠂ ᠦᠨᠡᠯᠡᠭᠡ ᠮᠣᠨᠢᠲ᠋ᠣᠷᠤᠨ ᠤ ᠪᠠᠭ ᠠᠵᠢᠯᠯᠠᠨ᠎ᠠ᠃ ᠪᠠᠭ ᠢ ᠳᠠᠷᠤᠭ᠎ᠠ ᠪᠢᠰᠢ ᠠᠬᠠᠯᠠᠭᠴᠢ ᠤᠳᠤᠷᠢᠳᠤᠨ᠎ᠠ᠃ ᠵᠠᠰᠠᠭ ᠤᠨ ᠭᠠᠵᠠᠷ ᠤᠨ ᠬᠢᠨᠠᠯᠲᠠ ᠬᠡᠷᠡᠭᠵᠢᠭᠦᠯᠬᠦ ᠭᠠᠵᠠᠷ ᠲᠤ ᠵᠢᠷᠭᠤᠭᠠᠨ ᠨᠢᠭᠡᠴᠢ ᠪᠠᠶᠢᠭᠤᠯᠤᠭᠳᠠᠨ᠎ᠠ᠃ ᠵᠢᠷᠭᠤᠭᠠᠨ ᠨᠢᠭᠡᠴᠢ ᠶᠢ ᠠᠬᠠᠯᠠᠭᠴᠢ ᠨᠠᠷ ᠤᠳᠤᠷᠢᠳᠤᠨ᠎ᠠ ᠭᠡᠰᠡᠨ ᠮᠡᠳᠡᠭᠡᠯᠡᠯ ᠢ ᠥᠭᠭᠦᠯ᠎ᠡ᠃