ᠳᠣᠷᠤᠨᠠᠭᠤᠪᠢ ᠶᠢᠨ ᠮᠠᠯ ᠤᠨ ᠲᠤᠭ᠎ᠠ 5.6 ᠬᠤᠪᠢ ᠪᠠᠷ ᠥᠰᠴᠡᠢ | News.MN

ᠳᠣᠷᠤᠨᠠᠭᠤᠪᠢ ᠶᠢᠨ ᠮᠠᠯ ᠤᠨ ᠲᠤᠭ᠎ᠠ 5.6 ᠬᠤᠪᠢ ᠪᠠᠷ ᠥᠰᠴᠡᠢ

ᠡᠨᠡ ᠣᠨ ᠤ ᠵᠢᠯ ᠤᠨ ᠡᠴᠦᠰ ᠤᠨ ᠮᠠᠯ᠂ ᠲᠡᠵᠢᠭᠡᠪᠦᠷᠢ ᠠᠮᠢᠲᠠᠳ ᠤᠨ ᠲᠣᠭᠠᠯᠠᠯᠭ᠎ᠠ ᠣᠷᠣᠨ ᠳᠠᠶᠠᠭᠠᠷ ᠥᠷᠨᠢᠵᠦ ᠲᠤᠭ᠎ᠠ ᠶᠢ ᠨᠢᠭᠡᠳᠬᠡᠬᠦ ᠠᠵᠢᠯ ᠦᠷᠭᠦᠯᠵᠢᠯᠡᠵᠦ ᠪᠠᠶᠢᠨ᠎ᠡ᠃ ᠳᠣᠷᠤᠨᠠᠭᠤᠪᠢ ᠠᠶᠢᠮᠠᠭ ᠤᠨ ᠮᠠᠯ ᠲᠣᠭᠠᠯᠠᠯᠭ᠎ᠠ ᠶᠢᠨ ᠨᠢᠭᠡᠳᠦᠭᠰᠡᠨ ᠳ᠋ᠦᠩ ᠬᠠᠷᠠᠬᠠᠨ ᠭᠠᠷᠤᠭ᠎ᠠ ᠦᠭᠡᠢ  ᠪᠤᠯᠪᠠᠴᠤ ᠰᠤᠮᠤᠳ ᠤᠨ ᠮᠠᠯ ᠤᠨ ᠲᠤᠭ᠎ᠠ ᠡᠬᠢᠨ ᠠᠴᠠ ᠪᠠᠨ ᠭᠠᠷᠴᠠᠢ᠃

ᠲᠤᠬᠠᠶᠢᠯᠠᠪᠠᠯ ᠰᠠᠶᠢᠬᠠᠨᠳᠤᠯᠠᠭᠠᠨ ᠰᠤᠮᠤ ᠡᠨᠡ ᠵᠢᠯ 213751 ᠮᠠᠯ ᠲᠠᠢ ᠪᠣᠯᠣᠭᠰᠠᠨ ᠪᠥᠭᠡᠳ ᠡᠭᠦᠨ ᠠᠴᠠ ᠲᠡᠮᠡᠭᠡ 5386᠂  ᠠᠳᠤᠭᠤ  14160᠂ ᠦᠬᠡᠷ 10392᠂ ᠬᠤᠨᠢ 88737᠂ ᠢᠮᠠᠭ᠎ᠠ 95076 ᠲᠣᠭᠠᠯᠠᠭᠤᠯᠤᠭᠰᠠᠨ ᠪᠠᠶᠢᠨ᠎ᠡ᠃ ᠳᠡᠭᠡᠷᠡᠬᠢ ᠲᠤᠭ᠎ᠠ ᠶᠢ ᠡᠮᠦᠨᠡᠬᠢ ᠣᠨ ᠤ ᠬᠢ ᠲᠠᠢ ᠬᠠᠷᠢᠴᠠᠭᠤᠯᠬᠤ ᠳᠤ 11340 ᠲᠣᠯᠤᠭᠠᠢ ᠮᠠᠯ ᠢᠶᠠᠷ ᠪᠤᠶᠤ 5.6 ᠬᠤᠪᠢ ᠪᠠᠷ ᠥᠰᠴᠡᠢ᠃

ᠰᠡᠳᠬᠢᠭᠳᠡᠯ ᠦᠯᠡᠳᠡᠭᠡᠬᠦ