ᠪᠠᠶᠠᠨ-ᠥᠯᠥᠭᠡᠢ ᠠᠶᠢᠮᠠᠭ ᠤᠨ 《ᠠᠯᠲᠠᠢ ᠶᠢᠨ ᠣᠶᠢᠮᠣᠰᠤ》 ᠺᠣᠮᠫᠠᠨᠢ 2014 ᠣᠨ ᠠᠴᠠ ᠣᠷᠣᠨ ᠨᠤᠲᠤᠭ ᠲᠤ ᠨᠣᠣᠰᠣᠨ ᠣᠶᠢᠮᠣᠰᠤ ᠦᠢᠯᠡᠳᠪᠦᠷᠢᠯᠡᠵᠦ᠂ 2016 ᠣᠨ ᠳᠤ ᠥᠷᠭᠡᠵᠢᠵᠦ᠂ ᠬᠠᠤᠯᠢ ᠶᠢᠨ ᠡᠲᠡᠭᠡᠳ ᠪᠣᠯᠤᠨ ᠦᠢᠯᠡ ᠠᠵᠢᠯᠯᠠᠭ᠎ᠠ ᠶᠠᠪᠤᠭᠤᠯᠬᠤ ᠪᠣᠯᠤᠭᠰᠠᠨ ᠪᠠᠶᠢᠨ᠎ᠠ᠃ ᠮᠥᠨ ᠪᠦᠭᠦᠳᠡ ᠨᠠᠢᠷᠠᠮᠳᠠᠬᠤ ᠰᠤᠯᠤᠩᠭᠤᠰ ᠤᠯᠤᠰ ᠤᠨ Soosan ᠪᠷᠡᠨᠳ᠋ ᠦᠨ ᠣᠶᠢᠮᠣᠰᠤ ᠨᠡᠬᠡᠬᠦ ᠲᠣᠨᠣᠭ ᠲᠥᠬᠥᠭᠡᠷᠦᠮᠵᠢ ᠨᠦᠭᠦᠳ ᠢ ᠣᠷᠣᠭᠤᠯᠵᠤ ᠢᠷᠡᠵᠦ ᠦᠢᠯᠡᠳᠪᠦᠷᠢ ᠳᠦ ᠪᠡᠨ ᠰᠠᠭᠤᠷᠢᠯᠠᠭᠤᠯᠵᠠᠢ᠃
ᠲᠡᠳᠡ ᠡᠬᠢᠨ ᠦ ᠵᠢᠯ ᠦᠳ ᠲᠦ ᠬᠢᠲᠠᠳ ᠡᠴᠡ ᠡᠭᠡᠷᠡᠭᠰᠡᠨ ᠪᠡᠯᠡᠨ ᠤᠲᠠᠰᠤ ᠪᠠᠷ ᠣᠶᠢᠮᠣᠰᠤ ᠨᠡᠬᠡᠳᠡᠭ ᠪᠠᠶᠢᠭᠰᠠᠨ᠃ ᠬᠠᠷᠢᠨ 2019 ᠣᠨ ᠠᠴᠠ ᠠᠯᠲᠠᠢ ᠶᠢᠨ ᠡᠷᠡᠰ ᠲᠡᠰ ᠠᠭᠤᠷ ᠠᠮᠢᠰᠬᠤᠯ ᠳᠤ ᠪᠡᠯᠴᠢᠭᠡᠷᠯᠡᠳᠡᠭ ᠬᠣᠨᠢᠨ ᠤ ᠨᠣᠣᠰᠣ ᠶᠢ ᠠᠰᠢᠭᠯᠠᠨ 100 ᠬᠤᠪᠢ ᠣᠷᠭᠠᠨᠢᠭ ᠪᠦᠲᠦᠭᠡᠭᠳᠡᠬᠦᠨ ᠦᠢᠯᠡᠳᠪᠦᠷᠢᠯᠡᠵᠦ ᠪᠠᠶᠢᠨ᠎ᠠ᠃
ᠣᠳᠣ ᠡᠨᠡ ᠦᠢᠯᠡᠳᠪᠦᠷᠢ ᠵᠢᠯ ᠳᠦ 10 ᠭᠠᠷᠤᠢ ᠵᠠᠭᠪᠤᠷ ᠤᠨ ᠲᠣᠮᠣ ᠬᠦᠮᠦᠨ ᠦ 40 ᠮᠢᠩᠭ᠎ᠠ᠂ ᠬᠡᠦᠬᠡᠳ ᠦᠨ 10 ᠮᠢᠩᠭ᠎ᠠ ᠣᠷᠴᠢᠮ ᠣᠶᠢᠮᠣᠰᠤ ᠨᠡᠬᠡᠵᠦ᠂ ᠡᠨᠡ ᠵᠢᠯ 30 ᠮᠢᠩᠭᠠᠨ ᠣᠶᠢᠮᠣᠰᠤ ᠶᠢ ᠣᠷᠣᠰ ᠂ ᠬᠠᠰᠠᠭᠰᠲ᠋ᠠᠨ ᠤᠯᠤᠰ ᠤᠷᠤᠭᠤ ᠡᠺᠰᠫᠣᠷᠲ ᠲᠤ ᠭᠠᠷᠭᠠᠭᠠᠳ ᠪᠠᠶᠢᠭ᠎ᠠ ᠠᠵᠠᠢ᠃