ᠮᠣᠩᠭᠣᠯ ᠤᠨ ᠤᠯᠠᠮᠵᠢᠯᠠᠯᠲᠤ ᠠᠮᠠᠨ ᠨᠠᠭᠠᠳᠤᠭᠠᠢ ᠳᠡᠮᠪᠡᠭᠡ ᠲᠠᠢ ᠲᠦᠰᠳᠡᠢ ᠴᠤ ᠥᠪᠡᠷ ᠤᠨ ᠭᠡᠭᠰᠡᠨ ᠣᠨᠴᠠᠯᠢᠭ ᠬᠡᠪ ᠮᠠᠶ᠋ᠢᠭ ᠪᠦᠬᠦᠢ ᠬᠤᠷᠤᠭᠤ ᠲᠡᠭᠠᠯᠴᠡᠬᠤ ᠨᠠᠭᠠᠳᠤᠭᠠᠢ ᠶᠢᠨ ᠲᠥᠷᠥᠯ ᠢ ᠪᠠᠶᠠᠨᠬᠤᠩᠭᠤᠷ ᠠᠶᠢᠮᠠᠭ ᠤᠨ ᠬᠢᠨ ᠤᠯᠠᠮᠵᠢᠯᠠᠨ ᠬᠥᠭᠵᠢᠭᠦᠯᠵᠦ ᠪᠠᠶᠢᠨ᠎ᠡ᠃︽ᠳᠠᠭᠤ ᠲᠠᠢ ᠬᠤᠷᠤᠭᠤ︾ᠭᠡᠮᠡᠬᠦ ᠨᠠᠭᠠᠳᠤᠭᠠᠢ ᠶᠢ ᠵᠥᠪᠬᠡᠨ ᠰᠠᠶᠢᠨ ᠨᠣᠶᠠᠨ ᠬᠠᠨ ᠠᠶᠢᠮᠠᠭ ᠤᠨ ᠳᠠᠶᠢᠴᠢᠨ ᠸᠠᠩ ᠤᠨ ᠬᠤᠰᠢᠭᠤ᠂ ᠣᠳᠣ ᠶᠢᠨ ᠪᠠᠶᠠᠨᠬᠤᠩᠭᠤᠷ ᠠᠶᠢᠮᠠᠭ ᠤᠨ ᠡᠷᠳᠡᠨᠢᠴᠣᠭᠲᠤ᠂ ᠬᠢᠯᠢ ᠵᠠᠯᠭᠠᠭ᠎ᠠ ᠣᠷᠤᠰᠢᠬᠤ ᠪᠠᠶᠠᠨ ᠣᠪᠤᠭ᠎ᠠ ᠰᠤᠮᠤ ᠶᠢᠨ ᠬᠢᠨ ᠨᠠᠭᠠᠳᠳᠠᠭ ᠣᠨᠴᠠᠯᠢᠭ ᠲᠠᠢ᠃ ᠥᠭᠡᠷ᠎ᠡ ᠬᠤᠰᠢᠭᠤ ᠨᠤᠲᠤᠭ ᠲᠤ ᠲᠡᠷᠡ ᠪᠦᠷ ᠪᠠᠶᠢᠳᠠᠭ ᠦᠭᠡᠢ ᠡᠨᠡ ᠬᠦ ᠨᠠᠭᠠᠳᠤᠭᠠᠢ ᠨᠢ ᠥᠪᠡᠷ ᠤᠨ ᠳᠢᠭ ᠲᠡᠶ᠃
ᠡᠨᠡ ᠬᠦ ᠨᠠᠭᠠᠳᠤᠭᠠᠢ ᠨᠢ ᠰᠡᠳᠬᠢᠨ ᠪᠣᠳᠤᠬᠤ᠂ ᠭᠦᠢᠯᠭᠡᠭᠡ ᠤᠬᠠᠭᠠᠨ ᠰᠠᠶᠢᠵᠢᠷᠠᠭᠤᠯᠬᠤ᠂ ᠰᠤᠨᠦᠰᠬᠤ ᠮᠡᠳᠡᠷᠡᠬᠦᠶ ᠬᠥᠭᠵᠢᠭᠦᠯᠬᠦ᠂ ᠬᠡᠯᠡ ᠶᠠᠷᠢᠶ᠎ᠠ ᠤᠷᠠᠨ ᠲᠤᠳᠦ ᠬᠡᠯᠡᠯᠭᠡ᠂ ᠬᠤᠷᠴᠠ ᠤᠬᠠᠭᠠᠨ ᠣᠪᠰᠤᠭᠠ ᠰᠦᠢᠬᠡᠨ ᠳᠤ ᠰᠤᠷᠭᠠᠳᠠᠭ ᠵᠡᠷᠭᠡ ᠣᠯᠠᠨ ᠣᠨᠴᠠᠯᠢᠭ ᠳᠠᠪᠠᠭᠤ ᠲᠠᠯ᠎ᠠ ᠲᠠᠢ᠃ ︽ᠳᠠᠭᠤ ᠲᠠᠢ ᠬᠤᠷᠤᠭᠤ︾ ᠪᠠᠷ ᠨᠠᠭᠠᠳᠬᠤ ᠳᠠᠭᠠᠨ ᠨᠢᠳᠦᠨ ᠤ ᠬᠠᠷᠠᠭ᠎ᠠ 20 ᠬᠤᠷᠤᠭᠤᠨ ᠠᠴᠠ ᠭᠠᠷᠴᠤ ᠪᠤᠶ ᠲᠤᠭ᠎ᠠ ᠶᠢ ᠬᠠᠷᠠᠭᠠᠳ᠂ ᠮᠠᠰᠢ ᠲᠦᠷᠭᠡᠠ ᠬᠤᠭᠤᠴᠠᠭᠠᠨ ᠳᠤ ᠲᠤᠬᠳᠡᠭᠠᠬᠤ ᠶᠣᠰᠤᠲᠠᠶ ᠪᠠᠶᠢᠳᠠᠭ ᠪᠠᠶᠢᠨ᠎ᠡ᠃