ᠠᠬᠤᠢ ᠶᠢᠨ ᠬᠡᠷᠡᠭᠯᠡᠭᠡ᠂ ᠠᠷᠢᠭᠤᠳᠬᠠᠯ ᠤᠨ ᠴᠢᠭᠯᠡᠯ ᠢᠶᠠᠷ 20 ᠭᠠᠷᠦᠢ ᠪᠦᠲᠦᠭᠡᠭᠳᠡᠬᠦᠨ ᠵᠠᠬ᠎ᠠ ᠵᠡᠭᠡᠯᠢ ᠳᠤ ᠨᠡᠶᠢᠯᠡᠭᠦᠯᠵᠦ 100 ᠭᠠᠷᠦᠢ ᠠᠵᠢᠯ ᠤᠨ ᠪᠠᠶᠢᠷᠢ ᠰᠢᠨ᠎ᠡ ᠪᠠᠷ ᠪᠤᠢ ᠪᠣᠯᠭᠠᠵᠤ᠂ ᠭᠠᠷ ᠠᠷᠭ᠎ᠠ ᠪᠠᠷ 300 ᠣᠷᠴᠢᠮ ᠮᠢᠩᠭᠠᠨ ᠰᠡᠪᠤᠡᠭ ᠰᠠᠷ᠎ᠠ ᠳᠤ ᠦᠢᠯᠡᠳᠪᠦᠷᠢᠯᠡᠬᠦ ᠬᠦᠴᠦᠨ ᠴᠢᠳᠠᠯ ᠲᠠᠢ ᠪᠠᠶᠢᠭᠰᠠᠨ Mongol Made ᠥᠨᠥᠳᠥᠷ ᠴᠠᠭ ᠲᠤ ᠭᠤᠷᠪᠠᠨ ᠮᠢᠩᠭᠠᠨ ᠰᠡᠪᠤᠡᠭ ᠦᠢᠯᠡᠳᠪᠦᠷᠢᠯᠡᠬᠦ ᠬᠦᠴᠦᠨ ᠴᠢᠳᠠᠯ ᠲᠠᠢ ᠰᠠᠪᠤᠩ ᠤᠨ ᠠᠦ᠋ᠲ᠋ᠣᠮᠠᠲ ᠦᠢᠯᠡᠳᠪᠦᠷᠢ ᠠᠰᠢᠭᠯᠠᠯᠲᠠ ᠳᠤ ᠣᠷᠣᠭᠤᠯᠤᠭᠰᠠᠨ ᠢᠶᠠᠷ ᠮᠣᠩᠭᠤᠯ ᠤᠯᠤᠰ ᠬᠠᠲᠠᠭᠤ ᠰᠠᠪᠤᠩ ᠢ ᠪᠠᠨ 100 ᠬᠤᠪᠢ ᠳᠣᠲᠤᠭᠠᠳᠤ ᠠᠴᠠ ᠪᠠᠨ ᠬᠠᠩᠭᠠᠬᠤ ᠪᠣᠯᠣᠮᠵᠢ ᠲᠠᠢ ᠪᠣᠯᠣᠯ᠎ᠠ᠃
95 ᠬᠤᠪᠢ ᠢᠮᠫᠣᠷᠲ ᠠᠴᠠ ᠬᠠᠮᠢᠶᠠᠷᠤᠯ ᠲᠠᠢ ᠬᠠᠲᠠᠭᠤ ᠰᠠᠪᠤᠩ ᠤᠨ ᠵᠠᠬ᠎ᠠ ᠵᠡᠭᠡᠯᠢ ᠳᠤ ᠭᠠᠳᠠᠨ᠎ᠠ ᠶᠢᠨ ᠬᠢᠨ ᠲᠠᠢ ᠦᠷᠢᠰᠦᠯᠳᠦᠬᠦᠢᠴᠡ ᠪᠦᠲᠦᠭᠡᠭᠳᠡᠬᠦᠨ ᠪᠦᠲᠦᠭᠡᠬᠦ ᠨᠢ ᠲᠤᠰ ᠬᠠᠮᠲᠤ ᠣᠯᠠᠨ ᠤ ᠴᠢᠳᠠᠯ ᠢ ᠰᠣᠷᠢᠭᠰᠠᠨ ᠲᠣᠮᠤᠬᠠᠨ ᠠᠵᠢᠯ ᠪᠠᠶᠢᠭᠰᠠᠨ ᠴᠤ ᠬᠢᠮᠢ᠂ ᠪᠢᠣᠯᠣᠭᠢ ᠶᠢᠨ ᠡᠷᠳᠡᠮᠲᠡᠳ ᠤᠨ ᠵᠥᠪᠯᠡᠬᠦ ᠪᠠᠭ Mongol Made ᠨᠢᠭᠡᠳᠦᠯ ᠤᠨ ᠳᠡᠷᠭᠡᠳᠡ ᠲᠣᠭᠲᠠᠪᠤᠷᠢᠲᠠᠶ ᠦᠶᠯᠡ ᠠᠵᠢᠯᠯᠠᠭ᠎ᠠ ᠶᠠᠪᠤᠭᠤᠯᠳᠠᠭ᠃
ᠭᠠᠷ ᠠᠷᠭ᠎ᠠ ᠪᠠᠷ ᠦᠢᠯᠡᠳᠪᠦᠷᠢᠯᠡᠳᠡᠭ ᠰᠠᠪᠤᠩ ᠤᠳ ᠢᠶᠠᠨ 1800-3000 ᠲᠥᠭᠦᠷᠢᠭ ᠤᠨ ᠬᠤᠭᠤᠷᠦᠡᠳᠦ ᠲᠡᠳᠡ ᠪᠣᠷᠣᠯᠠᠭᠤᠯᠳᠠᠭ ᠪᠠᠶᠢᠭᠰᠠᠨ ᠪᠣᠯ ᠦᠢᠯᠡᠳᠪᠦᠷᠢ ᠠᠰᠢᠭᠯᠠᠯᠲᠠ ᠳᠤ ᠣᠷᠣᠭᠰᠠᠨ ᠢᠶᠠᠷ ᠰᠢᠬᠠᠯᠲᠠ ᠰᠠᠶᠢᠨ᠂ ᠴᠢᠨᠠᠷᠲᠠᠢ ᠂ ᠦᠨ᠎ᠡ ᠬᠢᠮᠳᠠ ᠪᠤᠶᠤ 1000 ᠣᠷᠴᠢᠮ ᠲᠥᠭᠦᠷᠢᠭ ᠤᠨ ᠦᠨ᠎ᠡ ᠲᠠᠢ ᠪᠠᠷ ᠬᠤᠳᠠᠯᠳᠤᠭᠠᠨ ᠳᠤ ᠭᠠᠷᠬᠤ ᠨᠢ᠃ ᠮᠣᠩᠭᠤᠯ ᠠᠶᠢᠯ ᠪᠦᠷᠢ ᠰᠠᠷ᠎ᠠ ᠳᠤ ᠨᠢᠭᠡ ᠮᠣᠩᠭᠤᠯ ᠰᠠᠪᠤᠩ ᠬᠤᠳᠠᠯᠳᠤᠨ ᠠᠪᠬᠤ ᠳᠤ ᠯᠡ1000 ᠡᠮᠡᠭᠳᠡᠢ ᠲᠣᠭᠲᠠᠪᠤᠷᠢᠲᠠᠶ ᠠᠵᠢᠯ ᠤᠨ ᠪᠠᠶᠢᠷᠢ ᠪᠠᠷ ᠬᠠᠩᠭᠠᠭᠳᠠᠬᠤ ᠶᠤᠮ᠃