ᠸᠠᠯᠢᠶᠤᠲ ᠤᠨ ᠨᠥᠭᠡᠴᠡ ᠨᠡᠮᠡᠭᠳᠡᠵᠦ᠂ ᠬᠠᠩᠰᠢ ᠲᠣᠭᠲᠠᠪᠤᠷᠢᠵᠢᠬᠤ ᠨᠥᠬᠥᠴᠡᠯ ᠪᠦᠷᠢᠳᠦᠭᠰᠡᠨ ᠪᠠᠶᠢᠨ᠎ᠠ᠃ ᠡᠭᠦᠨ ᠳᠦ ᠲᠥᠷᠥ ᠶᠢᠨ ᠥᠮᠴᠢᠲᠤ ᠠᠵᠤ ᠠᠬᠤᠢ ᠶᠢᠨ ᠨᠢᠭᠡᠴᠢ ᠨᠦᠭᠦᠳ ᠦᠨ ᠡᠭᠦᠷᠭᠡ᠂ ᠣᠷᠣᠯᠴᠠᠭ᠎ᠠ ᠶᠡᠬᠡ ᠪᠠᠶᠢᠭ᠎ᠠ ᠶᠤᠮ᠃ ᠲᠤᠬᠠᠶᠢᠯᠠᠪᠠᠯ᠂ ᠡᠷᠳᠡᠨᠢᠰ ᠲᠠᠪᠤᠨᠲᠣᠯᠣᠭᠠᠢ ᠺᠣᠮᠫᠠᠨᠢ 500 ᠣᠷᠴᠢᠮ ᠰᠠᠶ᠎ᠠ ᠳ᠋ᠣᠯᠯᠠᠷ ᠢ ᠲᠥᠪᠯᠡᠷᠡᠭᠦᠯᠬᠦ ᠡᠭᠦᠷᠭᠡ ᠲᠡᠢ ᠪᠠᠶᠢᠭ᠎ᠠ ᠪᠠ︽ᠮᠣᠩᠭᠣᠯᠤᠷᠠᠰᠴᠸᠧᠲ᠋ᠮᠧᠲ᠋︾ᠦᠢᠯᠡᠳᠪᠦᠷᠢ ᠸᠠᠯᠢᠶᠤᠲ ᠤᠨ ᠨᠥᠭᠡᠴᠡ ᠪᠦᠷᠢᠳᠦᠭᠦᠯᠦᠯᠲᠡ ᠳᠦ ᠬᠤᠪᠢ ᠨᠡᠮᠡᠷᠢ ᠪᠡᠨ ᠤᠷᠤᠭᠤᠯᠵᠤ᠂ ᠸᠠᠯᠢᠶᠤᠲ ᠤᠨ ᠬᠠᠩᠰᠢ ᠲᠣᠭᠲᠠᠪᠤᠷᠢᠵᠢᠬᠤ ᠳᠤ ᠡᠶᠡᠷᠭᠦ ᠨᠥᠯᠥᠭᠡ ᠦᠵᠡᠭᠦᠯᠵᠦ ᠪᠠᠶᠢᠭ᠎ᠠ ᠶᠤᠮ᠃ ᠲᠡᠭᠦᠨᠴᠢᠯᠡᠨ ᠮᠠᠨ ᠤ ᠤᠯᠤᠰ ᠤᠨ ᠡᠺᠰᠫᠣᠷᠲ ᠤᠨ ᠬᠡᠮᠵᠢᠶ᠎ᠡ ᠡᠮᠦᠨᠡᠬᠢ ᠣᠨ ᠠᠴᠠ 30 ᠣᠷᠴᠢᠮ ᠬᠤᠪᠢ ᠪᠠᠷ ᠥᠰᠦᠭᠰᠡᠨ ᠪᠠᠶᠢᠨ᠎ᠠ᠃ ᠤᠴᠢᠷ ᠨᠢ ᠬᠠᠭᠠᠭᠳᠠᠭᠠᠳ ᠪᠠᠶᠢᠭᠰᠠᠨ ᠪᠤᠯᠠᠭᠠᠨ ᠪᠣᠭᠣᠮᠲᠠ ᠠᠵᠢᠯᠯᠠᠵᠤ ᠡᠬᠢᠯᠡᠵᠦ᠂ ᠡᠰᠫᠣᠷᠲ ᠬᠡᠪ ᠦᠨ ᠦᠷᠭᠦᠯᠵᠢᠯᠡᠵᠦ ᠪᠠᠶᠢᠭ᠎ᠠ ᠶᠤᠮ᠃ ᠸᠠᠯᠢᠶᠤᠲ ᠤᠨ ᠨᠥᠭᠡᠴᠡ ᠡᠮᠦᠨ᠎ᠡ ᠨᠢ 2.5 ᠲᠡᠷᠪᠤᠮ ᠳ᠋ᠣᠯᠯᠠᠷ ᠪᠠᠶᠢᠭᠰᠠᠨ ᠪᠣᠯ ᠥᠨᠥᠳᠥᠷ ᠦᠨ ᠪᠠᠶᠢᠳᠠᠯ ᠢᠶᠠᠷ 2.9 ᠲᠡᠷᠪᠤᠮ ᠳ᠋ᠣᠯᠯᠠᠷ ᠪᠣᠯᠤᠭᠰᠠᠨ ᠪᠥᠭᠡᠳ ᠡᠨᠡ ᠳᠥᠷᠪᠡᠨ ᠰᠠᠷ᠎ᠠ ᠶᠢᠨ ᠢᠮᠫᠣᠷᠲ ᠤᠨ ᠬᠡᠷᠡᠭᠯᠡᠭᠡ ᠶᠢ ᠬᠠᠩᠭᠠᠬᠤ ᠦᠵᠡᠭᠦᠯᠦᠯᠲᠡ ᠶᠤᠮ᠃