ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ ᠭᠡᠷᠭᠡᠢ ᠯ∙ᠪᠣᠯᠣᠷᠴᠡᠴᠡᠭ ᠦᠨ ᠬᠠᠮᠲᠤ ᠬᠢᠲᠠᠳ ᠲᠤ ᠬᠢᠭᠰᠡᠨ ᠲᠥᠷᠦ ᠶᠢᠨ ᠠᠢᠯᠴᠢᠯᠠᠯ ᠢᠶᠠᠨ ᠦᠨᠳᠦᠷᠯᠡᠭᠦᠯᠦᠭᠡᠳ᠂ ᠮᠣᠩᠭᠣᠯ᠂ ᠶᠠᠫᠣᠨ ᠤ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠶᠢ ᠲᠣᠬᠢᠶᠠᠯᠳᠤᠭᠤᠯᠤᠨ᠂ ᠶᠠᠫᠣᠨ ᠤᠯᠤᠰ ᠲᠤ ᠲᠥᠷᠦ ᠶᠢᠨ ᠠᠶᠢᠯᠴᠢᠯᠠᠯ ᠬᠢᠬᠦ ᠪᠡᠷ ᠥᠨᠥᠳᠥᠷ ᠲᠤᠤᠺᠢᠤ᠋ ᠬᠤᠲᠠᠨ᠎ᠠ ᠬᠦᠷᠦᠯᠴᠡᠨ ᠣᠴᠢᠵᠠᠢ᠃
ᠮᠣᠩᠭᠣᠯ ᠤᠯᠤᠰ ᠤᠨ ᠶᠡᠷᠦᠩᠬᠡᠶᠢᠯᠡᠭᠴᠢ ᠶᠢ ᠶᠠᠫᠣᠨ ᠤᠯᠤᠰ ᠤᠨ ᠭᠠᠳᠠᠭᠠᠳᠤ ᠬᠡᠷᠡᠭ ᠦᠨ ᠳᠡᠳ᠋ ᠰᠠᠶᠢᠳ ᠱ ∙ ᠲᠠᠺᠢ᠂ ᠭᠠᠳᠠᠭᠠᠳᠤ ᠬᠡᠷᠡᠭ ᠦᠨ ᠶᠠᠮᠤᠨ ᠤ ᠶᠣᠰᠣᠯᠠᠯ ᠤᠨ ᠭᠠᠵᠠᠷ ᠤᠨ ᠵᠠᠬᠢᠷᠤᠯ ᠲ∙ᠰᠢᠮᠠᠳᠠ᠂ ᠮᠣᠩᠭᠣᠯ ᠤᠯᠤᠰ ᠠᠴᠠ ᠶᠠᠫᠣᠨ ᠤᠯᠤᠰ ᠲᠤ ᠰᠠᠭᠤᠭ᠎ᠠ ᠣᠨᠴᠠ ᠪᠥᠭᠡᠳ ᠪᠥᠷᠢᠨ ᠡᠷᠬᠡᠲᠦ ᠡᠯᠴᠢᠨ ᠰᠠᠶᠢᠳ ᠳ ∙ ᠪᠠᠲᠤᠵᠢᠷᠭᠠᠯ ᠨᠠᠷ ᠤᠭᠲᠤᠭᠰᠠᠨ ᠪᠠᠶᠢᠨ᠎ᠠ᠃
ᠮᠣᠩᠭᠣᠯ ᠤᠯᠤᠰ ᠤᠨ ᠲᠥᠷᠥ ᠶᠢᠨ ᠲᠡᠷᠢᠭᠦᠨ ᠦ ᠲᠦᠪᠰᠢᠨ ᠳᠦ 2010 ᠣᠨ ᠠᠴᠠ ᠬᠣᠶᠢᠰᠢ 12 ᠵᠢᠯ ᠦᠨ ᠳᠠᠷᠠᠭ᠎ᠠ ᠶᠠᠫᠣᠨ ᠤᠯᠤᠰ ᠲᠤ ᠬᠡᠷᠡᠭᠵᠢᠵᠦ ᠪᠤᠢ ᠲᠥᠷᠥ ᠶᠢᠨ ᠠᠶᠢᠯᠴᠢᠯᠠᠯ ᠨᠢ ᠮᠣᠩᠭᠣᠯ᠂ ᠶᠠᠫᠣᠨ ᠤ ᠬᠠᠷᠢᠯᠴᠠᠭ᠎ᠠ ᠶᠢ ᠭᠦᠨᠵᠡᠭᠡᠶᠢᠷᠡᠭᠦᠯᠬᠦ᠂ ᠠᠷᠠᠳ ᠲᠦᠮᠡᠨ ᠦ ᠨᠠᠶᠢᠷᠠᠮᠳᠠᠯ᠂ ᠨᠥᠬᠥᠷᠯᠡᠯ ᠢ ᠪᠡᠬᠢᠵᠢᠭᠦᠯᠬᠦ᠂ ᠬᠣᠶᠠᠷ ᠤᠯᠤᠰ ᠤᠨ ᠬᠠᠭᠠᠰ ᠵᠠᠭᠤᠨ ᠵᠢᠯ ᠦᠨ ᠬᠠᠮᠲᠤ ᠶᠢᠨ ᠠᠵᠢᠯᠯᠠᠭ᠎ᠠ ᠶᠢ ᠳ᠋ᠦᠩᠨᠡᠵᠦ᠂ ᠢᠷᠡᠬᠦ 50 ᠵᠢᠯ ᠳᠦ ᠬᠥᠭᠵᠢᠭᠦᠯᠬᠦ ᠬᠡᠲᠦ ᠶᠢᠨ ᠲᠥᠯᠥᠪ᠂ ᠴᠢᠭᠯᠡᠯ ᠢ ᠲᠣᠳᠣᠷᠬᠠᠶᠢᠯᠠᠬᠤ ᠳᠤ ᠠᠴᠢ ᠬᠣᠯᠪᠣᠭᠳᠠᠯ ᠲᠠᠢ ᠪᠣᠯᠤᠨ᠎ᠠ᠃