ᠠᠶᠠᠯᠠᠯ ᠵᠢᠭᠤᠯᠴᠢᠯᠠᠯ ᠢ ᠬᠥᠭᠵᠢᠭᠦᠯᠬᠦ ᠦᠨᠳᠦᠰᠦᠨ ᠤ ᠬᠤᠷᠢᠶ᠎ᠠ ᠥᠨᠥᠳᠥᠷ ᠬᠤᠷᠠᠯᠳᠤᠵᠤ᠂ ︽ᠠᠶᠠᠯᠠᠯ ᠵᠢᠭᠤᠯᠴᠢᠯᠠᠯ ᠤᠨ ᠲᠤᠬᠠᠶ ︾ᠬᠠᠤᠯᠢ ᠶᠢᠨ ᠰᠢᠨᠡᠴᠢᠯᠡᠭᠰᠡᠨ ᠨᠠᠶᠢᠷᠠᠭᠤᠯᠭ᠎ᠠ ᠶᠢᠨ ᠲᠥᠰᠥᠯ ᠢ ᠬᠡᠯᠡᠯᠴᠡᠵᠡᠢ᠃ ᠬᠠᠤᠯᠢ ᠶᠢᠨ ᠲᠥᠰᠥᠯ ᠳᠤ ᠠᠶᠠᠯᠠᠯ ᠵᠢᠭᠤᠯᠴᠢᠯᠠᠯ ᠤᠨ ᠦᠨᠳᠦᠰᠦᠨ ᠪᠤᠯᠦᠠ ᠳᠠᠭᠠᠯᠳᠤᠬᠤ ᠦᠢᠯᠡᠴᠢᠯᠡᠭᠡ᠂ ᠲᠤᠷ ᠣᠫᠧᠷᠠᠲ᠋ᠦ᠋ᠷ ᠤᠨ ᠦᠢᠯᠡᠴᠢᠯᠡᠭᠡ ᠶᠢ ᠬᠡᠨ ᠡᠷᠬᠢᠯᠡᠬᠦ᠂ ᠬᠢᠯᠢ ᠣᠷᠴᠢᠮ ᠤᠨ ᠠᠶᠠᠯᠠᠯ ᠵᠢᠭᠤᠯᠴᠢᠯᠠᠯ᠂ ᠵᠢᠭᠤᠯᠴᠢᠳ ᠤᠨ ᠠᠶᠤᠯᠭᠦᠢ ᠪᠠᠶᠢᠳᠠᠯ ᠢ ᠬᠡᠷᠬᠢᠨ ᠬᠠᠩᠭᠠᠬᠤ ᠲᠠᠯ᠎ᠠ ᠪᠠᠷ ᠲᠤᠰᠬᠠᠵᠠᠢ᠃ ᠮᠦᠠ ᠠᠶᠠᠯᠠᠯ ᠵᠢᠭᠤᠯᠴᠢᠯᠠᠯ ᠢ ᠬᠥᠭᠵᠢᠭᠦᠯᠬᠦ ᠰᠠᠩ᠂ ᠠᠩ ᠠᠩᠨᠠᠭᠤᠷ᠂ ᠠᠶᠠᠯᠠᠯ ᠵᠢᠭᠤᠯᠴᠢᠯᠠᠯ ᠤᠨ ᠲᠡᠭᠡᠭᠡᠪᠦᠷᠢ ᠶᠢᠨ ᠭᠠᠷᠴᠠ ᠶᠢ ᠨᠡᠮᠡᠬᠦ᠂ ᠠᠶᠠᠯᠠᠯ ᠵᠢᠭᠤᠯᠴᠢᠯᠠᠯ ᠤᠨ ᠪᠦᠰᠡ ᠨᠤᠲᠤᠭ ᠢ ᠵᠠᠷᠯᠠᠬᠤ᠂ ᠮᠡᠷᠭᠡᠵᠢᠯ ᠤᠨ ᠬᠤᠯᠪᠣᠭ᠎ᠠ ᠶᠡᠮᠡᠷ ᠦᠶᠯᠡ ᠠᠵᠢᠯᠯᠠᠭ᠎ᠠ ᠶᠠᠪᠤᠭᠤᠯᠬᠤ ᠲᠠᠯ᠎ᠠ ᠪᠠᠷ ᠵᠢᠭᠠᠭᠰᠠᠨ ᠪᠠᠶᠢᠨ᠎ᠡ᠃
ᠠᠶᠠᠯᠠᠯ ᠵᠢᠭᠤᠯᠴᠢᠯᠠᠯ ᠤᠨ ᠰᠠᠩ ᠪᠠᠶᠢᠭᠤᠯᠵᠤ᠂ ᠰᠠᠩ ᠤᠨ ᠬᠤᠷᠠᠮᠳᠤᠭᠤᠯᠤᠯ ᠢ ᠲᠤᠰ ᠰᠠᠯᠪᠤᠷᠢ ᠶᠢᠨ ᠪᠦᠲᠦᠭᠡᠭᠳᠡᠬᠦᠨ᠂ ᠦᠢᠯᠡᠴᠢᠯᠡᠭᠡ᠂ ᠳᠡᠳ᠋ ᠪᠦᠲᠦᠴᠡ ᠶᠢ ᠬᠥᠭᠵᠢᠭᠦᠯᠬᠦ ᠵᠡᠷᠭᠡ ᠳᠤ ᠵᠠᠷᠤᠴᠠᠭᠤᠯᠬᠤ᠂ ᠠᠩ ᠠᠩᠨᠠᠭᠤᠷ ᠤᠨ ᠲᠤᠰᠬᠠᠶ ᠵᠥᠪᠰᠢᠶᠡᠷᠡᠯ ᠣᠯᠭᠤᠯᠲᠠ ᠶᠢ ᠢᠯᠡ ᠪᠣᠯᠭᠠᠬᠤ᠂ ᠭᠠᠳᠠᠭᠠᠳᠤ ᠶᠢᠨ ᠵᠢᠭᠤᠯᠴᠢᠳ ᠲᠤ ᠲᠠᠲᠠᠪᠤᠷᠢ ᠶᠢᠨ ᠪᠤᠴᠠᠭᠠᠨ ᠣᠯᠭᠤᠯᠲᠠ ᠣᠯᠭᠤᠳᠠᠭ ᠪᠠᠶᠢᠬᠤ᠂ ᠡᠷᠡᠰᠳᠡᠯ ᠥᠨᠳᠥᠷ ᠲᠠᠢ ᠠᠶᠠᠯᠠᠯ ᠳᠤ ᠵᠠᠪᠠᠯ ᠳᠠᠭᠠᠳᠬᠠᠯ ᠳᠤ ᠬᠠᠮᠤᠷᠤᠭᠳᠠᠳᠠᠭ ᠪᠠᠶᠢᠬᠤ ᠵᠡᠷᠭᠡ ᠵᠣᠬᠢᠴᠠᠭᠤᠯᠤᠯᠲᠠ ᠶᠢ ᠪᠠᠭᠲᠠᠭᠠᠵᠠᠢ᠃