ᠬᠤᠯᠢᠮᠠᠬ ᠪᠠᠭ ᠤᠨ ᠪᠠᠷᠢᠯᠳᠤᠭᠠᠨ ᠢᠶᠠᠷ ᠮᠣᠩᠭᠣᠯ ᠤᠨ ᠪᠠᠭ ᠭᠧᠷᠮᠠᠨ ᠤ ᠪᠠᠭ ᠲᠠᠢ ᠬᠦᠴᠦ ᠦᠵᠡᠨ᠎ᠡ | News.MN

 ᠬᠤᠯᠢᠮᠠᠬ ᠪᠠᠭ ᠤᠨ ᠪᠠᠷᠢᠯᠳᠤᠭᠠᠨ ᠢᠶᠠᠷ ᠮᠣᠩᠭᠣᠯ ᠤᠨ ᠪᠠᠭ ᠭᠧᠷᠮᠠᠨ ᠤ ᠪᠠᠭ ᠲᠠᠢ ᠬᠦᠴᠦ ᠦᠵᠡᠨ᠎ᠡ

ᠵᠢᠤᠳᠤᠤ ᠪᠥᠬᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦᠽᠪᠧᠺᠰᠲ᠋ᠠᠨ ᠤ ᠨᠡᠶᠢᠰᠯᠡᠯ ᠲᠠᠱᠺᠧᠨᠲ ᠬᠤᠲᠠ ᠳᠤ ᠨᠠᠢᠮᠠ ᠳᠠᠬᠢ ᠡᠳᠦᠷ ᠢᠶᠠᠨ ᠦᠷᠭᠦᠯᠵᠢᠯᠡᠵᠦ ᠪᠠᠶᠢᠨ᠎ᠡ᠃ ᠥᠨᠥᠳᠥᠷ ᠬᠤᠯᠢᠮᠠᠬ ᠪᠠᠭ ᠤᠨ ᠪᠠᠷᠢᠯᠳᠤᠭᠠᠨ ᠪᠤᠯᠬᠤ ᠪᠦᠭᠡᠳ  17 ᠤᠯᠤᠰ ᠤᠨ  ᠲᠠᠮᠢᠷᠴᠢᠳ 4 ᠬᠡᠰᠡᠭ ᠲᠤ ᠬᠤᠪᠢᠶᠠᠭᠳᠠᠨ ᠰᠢᠯᠢᠳᠡᠭ ᠪᠠᠭ ᠢ ᠰᠢᠯᠭᠠᠷᠠᠭᠤᠯᠬᠤ ᠶᠤᠮ᠃
ᠮᠣᠩᠭᠣᠯ ᠤᠨ ᠪᠠᠭ  ᠠᠴᠠ – 73 ᠺᠢᠯᠣᠭ᠍ᠷᠠᠮ ᠵᠢᠩ ᠳᠤ ᠴ᠊·ᠴᠣᠭᠲᠣᠪᠠᠭᠠᠲᠤᠷ᠂ ᠪ∙ᠡᠷᠬᠢᠮᠪᠠᠶᠠᠷ᠂ – 90 ᠺᠢᠯᠣᠭ᠍ᠷᠠᠮ ᠳᠤ ᠬ᠋᠊ ·ᠠᠯᠲᠠᠨᠪᠠᠭᠠᠨ᠎ᠠ᠂ ᠪ∙ᠡᠷᠳᠡᠨᠢᠪᠠᠶᠠᠷ᠂ 90 ᠺᠢᠯᠣᠭ᠍ᠷᠠᠮ ᠳᠤ ᠣ᠊ ·ᠴᠡᠴᠡᠨᠴᠡᠯᠮᠡᠭ᠂ ᠪ∙ᠭᠤᠨᠴᠤᠭᠰᠦ᠋ᠷᠤᠩ  ᠨᠠᠷ ᠪᠠᠷᠢᠯᠳᠤᠨ᠎ᠠ᠃ ᠡᠮᠡᠭᠲᠡᠶᠢᠴᠦᠳ ᠤᠨ – 57 ᠺᠢᠯᠣᠭ᠍ᠷᠠᠮ  ᠳᠤ ᠯ᠊ · ᠡᠩᠬᠦᠷᠡᠶᠢᠯᠡᠨ᠂ ᠮ᠊ ∙ ᠢᠴᠢᠩᠬᠤᠷᠯᠣ᠂ – 70 ᠺᠢᠯᠣᠭ᠍ᠷᠠᠮ ᠳᠤ ᠴ᠊ · ᠡᠩᠬᠡᠴᠢᠮᠡᠭ᠂ ᠪ ∙  ᠭᠠᠩᠬᠠᠢᠴᠢ᠂ 70 ᠺᠢᠯᠣᠭ᠍ᠷᠠᠮ ᠳᠤ ᠪ∙ᠡᠷᠳᠡᠨᠢᠲᠦ ᠣᠳᠤ᠂ ᠠ᠊·ᠠᠳᠢᠶᠠᠰᠦ᠋ᠷᠤᠩ ᠨᠠᠷ ᠬᠦᠴᠦ ᠪᠠᠨ ᠰᠤᠷᠢᠬᠤ ᠶᠤᠮ᠃ ᠮᠣᠩᠭᠣᠯ ᠤᠨ ᠰᠢᠭᠰᠢᠭᠡ ᠪᠠᠭ ᠲᠡᠮᠡᠴᠡᠭᠡᠨ ᠤ D ᠬᠡᠰᠡᠭ ᠲᠤ ᠭᠧᠷᠮᠠᠨ ᠤ ᠰᠢᠭᠰᠢᠭᠡ ᠪᠠᠭ ᠲᠠᠢ ᠣᠨᠤᠭᠠᠯᠲᠠ ᠲᠠᠭᠠᠷᠠᠭᠠᠳ ᠪᠠᠶᠢᠨ᠎ᠡ᠃

ᠰᠡᠳᠬᠢᠭᠳᠡᠯ ᠦᠯᠡᠳᠡᠭᠡᠬᠦ