ᠮᠣᠩᠭᠤᠯ ᠤᠯᠤᠰ ᠤᠨ ᠶᠡᠭᠡ ᠬᠤᠷᠠᠯ ᠤᠨ ᠳᠠᠷᠤᠭ᠎ᠠ ᠬ᠋᠊ ·ᠽᠠᠨᠳᠠᠨᠰᠢᠲᠠᠷ᠎ᠠ 09 ᠰᠠᠷ᠎ᠠ ᠶᠢᠨ 20 ᠳᠦ ᠠᠮᠧᠷᠢᠺᠠ ᠶᠢᠨ ᠰᠲ᠋ᠠᠨᠹᠤᠷᠳ᠋ ᠤᠨ ᠶᠡᠭᠡ ᠰᠤᠷᠭᠠᠭᠤᠯᠢ ᠶᠢᠨ ᠵᠤᠽᠸᠹ ᠳ᠋᠊·ᠭᠷᠡᠨᠲ ᠲᠡᠷᠢᠭᠦᠯᠡᠬᠦ ᠫᠷᠣᠹᠧᠰᠰᠣᠷ᠂ ᠰᠲ᠋ᠠᠨᠹᠤᠷᠳ᠋ ᠤᠨ ᠭᠧᠫᠠᠲ᠋ᠢᠲ ᠡᠯᠢᠭᠡᠨ ᠤ ᠡᠳ᠋ ᠤᠨ ᠢᠨᠵᠧᠨᠧᠷᠴᠢᠯᠡᠯ ᠤᠨ ᠲᠦᠪ ᠦᠨ ᠵᠠᠬᠢᠷᠤᠯ᠂ ᠡᠷᠳᠡᠮᠲᠡᠨ ᠵᠧᠹᠹᠷᠢ ᠰ᠊ ·ᠭᠯᠧᠨᠢ ᠪᠤᠯᠦᠠ ᠮᠣᠩᠭᠣᠯ ᠤᠨ ᠡᠯᠢᠭᠡᠨ ᠤ ᠡᠮᠴᠢ ᠨᠠᠷ ᠤᠨ ᠨᠡᠶᠢᠭᠡᠮᠯᠢᠭ ᠤᠨ ᠶᠡᠷᠦᠩᠬᠡᠶᠢᠯᠡᠭᠴᠢ ᠮ᠊∙ᠠᠯᠲᠠᠨᠬᠦᠦ᠂︽ᠤᠨᠤᠮ︾ᠰᠠᠩ ᠤᠨ ᠳᠠᠷᠤᠭ᠎ᠠ᠂ ᠮᠣᠩᠭᠣᠯ ᠤᠨ ᠯᠠᠪᠣᠷᠠᠲ᠋ᠣᠷᠢ ᠶᠢᠨ ᠨᠢᠭᠡᠳᠦᠭᠰᠡᠨ ᠰᠦᠯᠵᠢᠶᠡᠨ ᠤ ᠭᠦᠢᠴᠡᠳᠬᠡᠬᠦ ᠵᠠᠬᠢᠷᠤᠯ ᠳ᠋᠊ · ᠨᠠᠷᠠᠨᠪᠠᠭᠠᠲᠤᠷ᠂ ᠬᠠᠪᠤᠳᠠᠷ ᠰᠤᠳᠤᠯᠤᠯ ᠤᠨ ᠦᠨᠳᠦᠰᠦᠨ ᠤ ᠲᠥᠪ ᠤᠨ ᠵᠠᠬᠢᠷᠤᠯ ᠨ᠊ · ᠡᠷᠳᠡᠨᠢᠬᠦᠦ ᠨᠠᠷ ᠲᠠᠢ ᠠᠭᠤᠯᠵᠠᠯ᠎ᠠ᠃
ᠮᠣᠩᠭᠤᠯ ᠤᠯᠤᠰ ᠲᠤ ᠡᠯᠢᠭᠡᠨ ᠤ B᠂ C᠂ D ᠸᠢᠷᠦ᠋ᠰ ᠤᠨ ᠲᠠᠷᠬᠠᠯᠲᠠ ᠦᠡᠳᠦᠷ᠂ ᠡᠭᠦᠨ ᠠᠴᠠ ᠡᠭᠦᠳᠦᠭᠰᠡᠨ ᠡᠯᠢᠭᠡᠨ ᠤ ᠬᠠᠲᠠᠭᠤᠷᠠᠯ᠂ ᠡᠯᠢᠭᠡᠨ ᠤ ᠬᠤᠤᠷᠲᠤ ᠬᠠᠪᠤᠳᠠᠷ ᠤᠨ ᠨᠡᠰᠦ ᠪᠠᠷᠠᠯᠲᠠ ᠳᠡᠯᠡᠬᠡᠢ ᠶᠢᠨ ᠳᠤᠮᠳᠠᠴᠢ ᠠᠴᠠ ᠦᠡᠳᠦᠷ ᠪᠠᠶᠢᠭ᠎ᠠ᠃ ᠰᠡᠭᠦᠯ ᠤᠨ ᠵᠢᠯ ᠤᠳ ᠲᠤ ︽ᠡᠯᠢᠭᠡ ᠪᠦᠲᠦᠨ ᠮᠣᠩᠭᠤᠯ︾ᠬᠥᠲᠥᠯᠪᠦᠷᠢ ᠶᠢᠨ ᠬᠦᠷᠢᠶᠡᠨ ᠳᠤ C ᠸᠢᠷᠦ᠋ᠰ ᠤᠨ ᠡᠮᠴᠢᠯᠡᠭᠡ ᠨᠡᠪᠲᠡᠷᠡᠭᠰᠡᠨ ᠢᠶᠡᠷ ᠡᠯᠢᠭᠡᠨ ᠤ ᠬᠠᠲᠠᠭᠤᠷᠠᠯ ᠤᠨ ᠨᠡᠰᠦ ᠪᠠᠷᠠᠯᠲᠠ ᠡᠷᠡᠰ ᠪᠠᠭᠤᠷᠠᠭᠰᠠᠨ᠃ ᠭᠡᠪᠡᠴᠦ ᠮᠠᠨ ᠤ ᠤᠯᠤᠰ ᠲᠤ B᠂ D ᠸᠢᠷᠦ᠋ᠰ ᠤᠨ ᠬᠠᠪᠰᠤᠷᠤᠭᠰᠠᠨ ᠬᠠᠯᠳᠠᠪᠤᠷᠢ ᠨᠡᠩ ᠲᠤᠯᠭᠠᠮᠳᠠᠭᠰᠠᠨ ᠠᠰᠠᠭᠤᠳᠠᠯ ᠪᠣᠯᠣᠭᠠᠳ ᠪᠠᠶᠢᠭ᠎ᠠ ᠶᠤᠮ᠃
ᠵᠧᠹᠹᠷᠢ ᠰ᠊ ·ᠭᠯᠧᠨᠢ ᠰᠡᠭᠦᠯ ᠤᠨ 30 ᠵᠢᠯ ᠤᠨ ᠲᠤᠷᠰᠢ ᠡᠯᠢᠭᠡᠨ ᠤ B᠂ D ᠸᠢᠷᠦ᠋ᠰ᠂ ᠡᠯᠢᠭᠡᠨ ᠤ ᠬᠤᠤᠷᠲᠤ ᠬᠠᠪᠤᠳᠠᠷ ᠢ ᠡᠮᠴᠢᠯᠡᠬᠦ ᠡᠮ ᠤᠨ ᠬᠦᠭᠵᠢᠭᠦᠯᠦᠯᠲᠡ ᠳᠡᠭᠡᠷ᠎ᠡ ᠠᠵᠢᠯᠯᠠᠵᠤ ᠪᠠᠶᠢᠭ᠎ᠠ ᠲᠠᠯ᠎ᠠ ᠪᠠᠷ ᠢᠶᠠᠨ ᠲᠠᠨᠢᠯᠴᠠᠭᠤᠯᠤᠭᠰᠠᠨ ᠪᠠ ᠲᠡᠷᠡ ᠡᠮᠴᠢᠯᠡᠭᠡ ᠶᠢ ᠮᠣᠩᠭᠤᠯ ᠳᠤ ᠨᠡᠪᠲᠡᠷᠡᠭᠦᠯᠬᠦ᠂ ᠡᠯᠢᠭᠡᠨ ᠤ ᠬᠤᠤᠷᠲᠤ ᠬᠠᠪᠤᠳᠠᠷ ᠤᠨ ᠣᠷᠴᠢᠨ ᠦᠶ᠎ᠡ ᠶᠢᠨ ᠡᠮᠴᠢᠯᠡᠭᠡᠨ ᠤ ᠴᠢᠭᠯᠡᠯ ᠢᠶᠠᠷ ᠬᠠᠮᠲᠤᠷᠠᠨ ᠠᠵᠢᠯᠯᠠᠬᠤ ᠪᠣᠯᠤᠮᠵᠢ ᠶᠢᠨ ᠲᠠᠯ᠎ᠠ ᠪᠠᠷ ᠶᠠᠷᠢᠯᠴᠠᠵᠤ᠂ ᠰᠠᠨᠠᠯ ᠰᠣᠯᠢᠯᠴᠠᠯ᠎ᠠ ᠃