ᠳᠤᠮᠳᠠᠭᠤᠪᠢ ᠠᠶᠢᠮᠠᠭ ᠲᠤ ᠵᠢᠦ᠋ᠳᠣ᠋ ᠪᠠᠷ ᠬᠢᠴᠢᠶᠡᠯᠯᠡᠳᠡᠭ ᠲᠠᠮᠢᠷᠴᠢᠳ᠂ ᠬᠡᠦᠬᠡᠳ᠂ ᠵᠠᠯᠠᠭᠤᠴᠤᠳ ᠣᠯᠠᠨ ᠤᠯᠤᠰ ᠤᠨ ᠰᠲ᠋ᠠᠨᠳᠠᠷᠲ ᠲᠤ ᠨᠡᠶᠢᠴᠡᠭᠰᠡᠨ ᠳᠡᠪᠵᠢᠶᠡᠨ ᠳᠡᠭᠡᠷ᠎ᠡ ᠪᠡᠯᠡᠳᠬᠡᠯ᠂ ᠰᠤᠷᠭᠠᠭᠤᠯᠢ ᠬᠢᠬᠦ ᠪᠣᠯᠤᠮᠵᠢ ᠲᠠᠢ ᠪᠣᠯᠤᠯ᠎ᠠ᠃ ᠲᠣᠳᠣᠷᠠᠭᠤᠯᠪᠠᠯ᠂ ᠲᠤᠰ ᠠᠶᠢᠮᠠᠭ ᠤᠨ 2022 ᠣᠨ ᠤ ᠣᠷᠣᠨ ᠨᠤᠲᠤᠭ ᠤᠨ ᠬᠥᠭᠵᠢᠯ ᠦᠨ ᠰᠠᠩ ᠤᠨ 20 ᠰᠠᠶ᠎ᠠ ᠲᠥᠭᠥᠷᠢᠭ ᠦᠨ ᠬᠥᠷᠥᠩᠭᠡ ᠣᠷᠣᠭᠤᠯᠤᠯᠲᠠ ᠪᠠᠷ ᠵᠢᠦ᠋ᠳᠣ᠋ ᠶᠢᠨ ᠣᠯᠠᠨ ᠤᠯᠤᠰ ᠤᠨ ᠰᠲ᠋ᠠᠨᠳᠠᠷᠲ ᠲᠤ ᠨᠡᠶᠢᠴᠡᠭᠰᠡᠨ 72 ᠰᠢᠷᠬᠡᠭ ᠳᠡᠪᠵᠢᠶ᠎ᠡ ᠶᠢ ᠬᠤᠳᠠᠯᠳᠤᠨ ᠠᠪᠴᠤ᠂ ᠳᠤᠮᠳᠠᠭᠤᠪᠢ ᠠᠶᠢᠮᠠᠭ ᠤᠨ ᠵᠢᠦ᠋ᠳᠣ᠋ ᠠᠺᠠᠳᠧᠮᠢ ᠳᠤ ᠬᠦᠯᠢᠶᠡᠯᠭᠡᠨ ᠥᠭᠴᠡᠢ᠃
ᠡᠨᠡ ᠣᠨ ᠤ ᠳᠦᠷᠪᠡᠳᠦᠭᠡᠷ ᠰᠠᠷ᠎ᠠ ᠳᠤ ᠮᠣᠩᠭᠣᠯ ᠤᠨ ᠵᠢᠦ᠋ᠳᠣ᠋ ᠠᠺᠠᠳᠧᠮᠢ ᠲᠤᠰ ᠠᠶᠢᠮᠠᠭ ᠲᠤ ᠰᠠᠯᠪᠤᠷᠢ ᠪᠠᠨ ᠨᠡᠭᠡᠭᠡᠵᠦ᠂ ᠥᠨᠥᠳᠥᠷ 70 ᠭᠠᠷᠤᠢ ᠬᠡᠦᠬᠡᠳ᠂ ᠵᠠᠯᠠᠭᠤᠴᠤᠳ ᠲᠤᠰ ᠰᠫᠣᠷᠲ ᠢᠶᠠᠷ ᠬᠢᠴᠢᠶᠡᠯᠯᠡᠵᠦ ᠪᠠᠶᠢᠨ᠎ᠠ᠃ ᠠᠺᠠᠳᠧᠮᠢ ᠨᠢ ᠵᠢᠦ᠋ᠳᠣ᠋ ᠪᠥᠬᠡ ᠪᠡᠷ ᠳᠠᠮᠵᠢᠭᠤᠯᠤᠨ ᠬᠡᠦᠬᠡᠳ ᠵᠠᠯᠠᠭᠤᠰ ᠲᠤ ᠪᠡᠶ᠎ᠡ ᠪᠢᠯᠳᠠᠷ᠂ ᠶᠣᠰᠣ ᠰᠤᠷᠲᠠᠬᠤᠨ ᠤ ᠥᠪ ᠲᠡᠭᠰᠢ ᠬᠦᠮᠦᠵᠢᠯ᠂ ᠲᠥᠯᠦᠪᠰᠢᠯ ᠣᠯᠭᠣᠬᠤ᠂ ᠤᠯᠤᠰ᠂ ᠲᠢᠪ᠂ ᠳᠡᠯᠡᠬᠡᠢ ᠶᠢᠨ ᠣᠯᠢᠮᠫ ᠤᠨ ᠲᠠᠮᠢᠷᠴᠢᠳ ᠢ ᠪᠡᠯᠡᠳᠬᠡᠬᠦ ᠵᠣᠷᠢᠯᠭ᠎ᠠ ᠲᠠᠢ᠃