ᠦᠨᠳᠦᠰᠦᠨ ᠤ ᠰᠲ᠋ᠠᠲ᠋ᠢᠰᠲ᠋ᠢᠺ ᠤᠨ ᠬᠤᠷᠢᠶᠠᠨ ᠠᠴᠠ ᠭᠠᠷᠭᠠᠭᠰᠠᠨ ᠮᠣᠩᠭᠤᠯ ᠤᠯᠤᠰ ᠤᠨ ᠨᠡᠶᠢᠭᠡᠮ᠂ ᠡᠳ᠋ ᠤᠨ ᠵᠠᠰᠠᠭ ᠤᠨ ᠪᠠᠶᠢᠳᠠᠯ ᠤᠨ 2022 ᠣᠨ ᠤ 8 ᠰᠠᠷ᠎ᠠ ᠶᠢᠨ ᠲᠠᠨᠢᠯᠴᠠᠭᠤᠯᠭ᠎ᠠ ᠳᠤ ᠳᠤᠷᠠᠳᠤᠭᠰᠠᠨ ᠢᠶᠠᠷ᠂ ᠮᠣᠩᠭᠤᠯ ᠤᠯᠤᠰ ᠤᠨ ᠨᠡᠶᠢᠲᠡ ᠭᠠᠳᠠᠭᠠᠳᠤ ᠥᠷᠢ 2022 ᠣᠨ ᠤ ᠡᠬᠢᠨ ᠤ ᠬᠠᠭᠠᠰ ᠵᠢᠯ ᠳᠤ ᠡᠮᠦᠨᠡᠬᠢ ᠣᠨ ᠤ ᠮᠦᠠ ᠦᠶ᠎ᠡ ᠠᠴᠠ 271.5 ᠰᠠᠶ᠎ᠠ ᠳ᠋ᠣᠯᠯᠠᠷ ᠢᠶᠠᠷ ᠥᠰᠴᠡᠢ᠃
ᠤᠯᠤᠰ ᠤᠨ ᠨᠡᠶᠢᠲᠡ ᠭᠠᠳᠠᠭᠠᠳᠤ ᠥᠷᠢ 2022 ᠣᠨ ᠤ ᠡᠬᠢᠨ ᠤ ᠬᠠᠭᠠᠰ ᠵᠢᠯ ᠳᠤ 33.3 ᠲᠡᠷᠪᠤᠮ ᠳ᠋ᠣᠯᠯᠠᠷ ᠪᠣᠯᠵᠤ᠂ ᠨᠡᠶᠢᠲᠡ ᠭᠠᠳᠠᠭᠠᠳᠤ ᠥᠷᠢ ᠶᠢᠨ 12.1︵36.5 ᠬᠤᠪᠢ︶ᠲᠡᠷᠪᠤᠮ ᠳ᠋ᠣᠯᠯᠠᠷ ᠨᠢ ᠰᠢᠭᠤᠦᠠ ᠬᠥᠷᠥᠩᠭᠡ ᠣᠷᠤᠭᠤᠯᠤᠯᠲᠠ᠂ ᠻᠣᠮᠫᠠᠨᠢ ᠬᠤᠭᠤᠷᠤᠨᠳᠤ ᠶᠢᠨ ᠵᠢᠭᠡᠯᠡᠯᠭᠡ᠂ 9.2︵27.6 ᠬᠤᠪᠢ︶ᠲᠡᠷᠪᠤᠮ ᠳ᠋ᠣᠯᠯᠠᠷ ᠨᠢ ᠪᠤᠰᠤᠳ ᠰᠠᠯᠪᠤᠷᠢ ᠶᠢᠨ ᠬᠢ᠂ 8.1︵24.2 ᠬᠤᠪᠢ︶ᠲᠡᠷᠪᠤᠮ ᠳ᠋ᠣᠯᠯᠠᠷ ᠨᠢ ᠵᠠᠰᠠᠭ ᠤᠨ ᠭᠠᠵᠠᠷ ᠤᠨ ᠬᠢ᠂ 2.5︵7.5 %︶ᠲᠡᠷᠪᠤᠮ ᠳ᠋ᠣᠯᠯᠠᠷ ᠨᠢ ᠲᠥᠪ ᠪᠠᠩᠬᠢ ᠶᠢᠨ ᠬᠢ᠂ 1.4 ︵4.2 %︶ᠲᠡᠷᠪᠤᠮ ᠳ᠋ᠣᠯᠯᠠᠷ ᠨᠢ ᠲᠥᠪ ᠪᠠᠩᠬᠢᠨ ᠠᠴᠠ ᠪᠤᠰᠤᠳ ᠬᠠᠳᠠᠭᠠᠯᠠᠮᠵᠢ ᠶᠢᠨ ᠪᠠᠶᠢᠭᠤᠯᠤᠯᠭ᠎ᠠ ᠶᠢᠨ ᠬᠢ ᠪᠠᠶᠢᠨ᠎ᠡ᠃