ᠵᠣᠬᠢᠶᠠᠯᠴᠢ᠂ ᠢᠷᠠᠭᠤ ᠨᠠᠶᠢᠷᠠᠭᠴᠢ ᠯ∙ᠥᠯᠵᠡᠶᠢᠲᠡᠭᠦᠰ ᠦᠨ ᠭᠤᠷᠪᠠᠳᠠᠬᠢ ᠨᠣᠮ ᠹᠷᠠᠨᠼᠢ ᠬᠡᠯᠡ ᠪᠡᠷ ᠬᠡᠪᠯᠡᠭᠳᠡᠭᠰᠡᠨ ᠪᠠᠶᠢᠨ᠎ᠠ᠃ ᠢᠷᠠᠭᠤ ᠨᠠᠶᠢᠷᠠᠭ ᠤᠨ ᠰᠢᠯᠢᠮᠡᠯ ᠲᠡᠭᠦᠪᠦᠷᠢ ᠶᠢ ᠨᠢ ᠹᠷᠠᠨᠼᠢ ᠬᠡᠯᠡ ᠪᠠᠷ ᠷ ∙ᠮᠦᠩᠬᠡᠵᠤᠯᠠ ᠣᠷᠴᠢᠭᠤᠯᠤᠭᠰᠠᠨ ᠪᠠᠶᠢᠨ᠎ᠠ️᠃
Éclats de nuit ᠪᠤᠶᠤ《ᠰᠥᠨᠢ ᠶᠢᠨ ᠭᠢᠯᠪᠠᠭ᠎ᠠ》᠂《ᠰᠥᠨᠢ ᠶᠢᠨ ᠬᠡᠯᠲᠡᠷᠬᠡᠢ》ᠬᠡᠮᠡᠨ ᠨᠡᠷᠡᠯᠡᠭᠰᠡᠨ ᠤᠭ ᠨᠣᠮ ᠤᠨ ᠠᠯᠪᠠᠨ ᠶᠣᠰᠣᠨ ᠤ ᠨᠡᠭᠡᠭᠡᠯᠲᠡ ᠠᠷᠪᠠᠳᠤᠭᠠᠷ ᠰᠠᠷ᠎ᠠ ᠶᠢᠨ 15 ᠳᠦ ᠪᠣᠯᠬᠤ ᠶᠤᠮ ᠪᠠᠶᠢᠨ᠎ᠠ᠃ ᠣᠳᠣ ᠪᠠᠷ ᠨᠡᠭᠡᠭᠡᠯᠲᠡ ᠪᠡᠨ ᠬᠢᠭᠡ ᠦᠭᠡᠢ ᠪᠠᠶᠢᠭ᠎ᠠ ᠴᠤ《 ᠪᠤᠷᠧᠯᠢᠶᠠ》ᠬᠡᠪᠯᠡᠯ ᠦᠨ ᠭᠠᠵᠠᠷ ᠤᠨ ᠰᠠᠢᠲ ᠲᠤ ᠬᠡᠳᠦᠢᠨ ᠬᠤᠳᠠᠯᠳᠤᠭᠠᠯᠠᠭᠳᠠᠵᠤ ᠡᠬᠢᠯᠡᠭᠰᠡᠨ ᠪᠠᠶᠢᠨ᠎ᠠ᠃