ᠨᠡᠶᠢᠰᠯᠡᠯ ᠤᠨ 69 ᠳ᠋ᠤᠭᠡᠷ ᠳᠤᠮᠳᠠᠳᠤ ᠰᠤᠷᠭᠠᠭᠤᠯᠢ ᠶᠢᠨ ᠴ᠊ · ᠪᠢᠮᠪᠠᠳᠣᠷᠵᠢ ᠪᠠᠭᠰᠢ ᠲᠠᠢ︽ᠬᠥᠬᠡ ᠲᠤᠯᠪᠤᠲᠠᠨ︾ ᠬᠠᠮᠲᠤᠯᠢᠭ ᠤᠨ ᠬᠡᠦᠬᠡᠳ ᠤᠳ ᠪᠦᠬᠦᠳᠠ ᠨᠠᠶᠢᠷᠠᠮᠳᠠᠬᠤ ᠰᠣᠯᠤᠩᠭᠤᠰ ᠤᠯᠤᠰ ᠲᠤ ᠪᠣᠯᠣᠭᠰᠠᠨ︽2022 KACIEA Internaltional Dance Competition Awards︾ᠣᠯᠠᠨ ᠤᠯᠤᠰ ᠤᠨ ᠲᠡᠮᠡᠴᠡᠭᠡᠨ ᠳᠤ 17 ᠣᠷᠣᠨ ᠤ ᠥᠷᠢᠰᠦᠯᠳᠦᠭᠴᠢ ᠬᠡᠦᠬᠡᠳ ᠤᠳ ᠢ ᠠᠷᠤ ᠳᠤ ᠪᠠᠨ ᠣᠷᠬᠢᠨ ᠲᠦᠷᠦᠭᠦᠯᠡᠵᠦ ᠠᠯᠲᠠᠨ ᠮᠧᠳᠠᠯ ᠬᠦᠷᠲᠡᠵᠡᠢ᠃
ᠬᠠᠮᠲᠤᠯᠢᠭ ᠤᠨ 8-10 ᠨᠠᠰᠤᠨ ᠤ ᠬᠡᠦᠬᠡᠳ ᠤᠳ ᠡᠮᠦᠨ᠎ᠡ ᠨᠢ ᠮᠣᠩᠭᠤᠯ ᠳᠤ ᠪᠣᠯᠣᠭᠰᠠᠨ ᠲᠤᠰ ᠲᠡᠮᠡᠴᠡᠭᠡᠨ ᠤ ᠤᠷᠢᠳᠴᠢᠯᠠᠭᠰᠠᠨ ᠰᠢᠯᠭᠠᠷᠠᠭᠤᠯᠤᠯᠲᠠ ᠳᠤ ᠬᠦᠷᠡᠯ ᠮᠧᠳᠠᠯ᠂ ᠤᠷᠦᠰ ᠮᠣᠩᠭᠣᠯ ᠤᠨ ᠬᠠᠮᠲᠤᠷᠠᠭᠰᠠᠨ︽ᠠᠯᠲᠠᠨ ᠭᠠᠳᠠᠰᠤ︾ᠪᠥᠵᠢᠭ ᠤᠨ ᠣᠯᠠᠨ ᠤᠯᠤᠰ ᠤᠨ ᠨᠠᠭᠠᠳᠤᠮ ᠠᠴᠠ ᠲᠤᠰᠬᠠᠶ ᠪᠠᠶᠢᠷᠢ ᠶᠢᠨ ᠱᠠᠩᠨᠠᠯ ᠠᠪᠤᠭᠰᠠᠨ ᠵᠡᠷᠭᠡ ᠣᠯᠠᠨ ᠠᠮᠵᠢᠯᠲᠠ ᠭᠠᠷᠭᠠᠵᠤ ᠪᠠᠶᠢᠪᠠ᠃