ᠮᠣᠩᠭᠤᠯ ᠤᠯᠤᠰ ᠤᠨ ᠬᠥᠭᠵᠢᠯ ᠤᠨ ᠪᠠᠩᠬᠢᠨ ᠤ ᠨᠡᠶᠢᠲᠡ ᠣᠯᠭᠤᠭᠰᠠᠨ ᠵᠢᠭᠡᠯᠡᠯᠭᠡ ᠶᠢᠨ ᠪᠠᠭᠴᠠ ᠳᠦ ᠡᠵᠡᠯᠡᠬᠦ ᠴᠢᠨᠠᠷ ᠦᠭᠡᠶ ᠵᠢᠭᠡᠯᠡ ᠶᠢᠨ ᠦᠯᠡᠳᠡᠭᠳᠡᠯ ᠨᠡᠶᠢᠲᠡ ᠵᠢᠭᠡᠯᠡᠯᠭᠡ ᠶᠢᠨ 57 ᠬᠤᠪᠢ ᠪᠤᠶᠤ 1.8 ᠶᠡᠭᠡ ᠨᠠᠶᠤᠳ ᠲᠥᠭᠦᠷᠢᠭ ᠲᠤ ᠬᠦᠷᠴᠦ᠂ ᠪᠠᠩᠬᠢᠨ ᠤ ᠠᠰᠢᠭᠲᠤ ᠠᠵᠢᠯᠯᠠᠭ᠎ᠠ ᠪᠠᠭᠤᠷᠠᠵᠤ᠂ ᠣᠯᠠᠨ ᠤᠯᠤᠰ ᠤᠨ ᠪᠠᠩᠬᠢ᠂ ᠰᠠᠩᠬᠦᠦ ᠶᠢᠨ ᠪᠠᠶᠢᠭᠤᠯᠤᠯᠭ᠎ᠠ ᠨᠤᠭᠤᠳ ᠤᠨ ᠡᠮᠦᠨ᠎ᠡ ᠭᠡᠷ᠎ᠡ ᠪᠠᠷ ᠬᠦᠯᠢᠶᠡᠭᠰᠡᠨ ᠵᠣᠬᠢᠰᠲᠠᠢ ᠬᠠᠷᠢᠴᠠᠭᠠᠨ ᠤ ᠰᠢᠯᠭᠠᠭᠤᠷ ᠦᠵᠡᠭᠦᠯᠦᠯᠲᠡ ᠠᠯᠳᠠᠭᠳᠠᠵᠤ᠂ ᠭᠠᠳᠠᠭᠠᠳᠤ ᠡᠬᠢ ᠡᠭᠦᠰᠪᠦᠷᠢ ᠨᠦᠭᠦᠳ ᠬᠤᠭᠤᠴᠠᠭᠠᠨ ᠠᠴᠠ ᠡᠮᠦᠨ᠎ᠡ ᠳᠠᠭᠤᠳᠠᠭᠳᠠᠬᠤ ᠡᠷᠡᠰᠳᠡᠯ ᠡᠭᠦᠰᠦᠭᠰᠡᠨ ᠢ 2022 ᠣᠨ ᠤ ᠨᠢᠭᠡᠳᠦᠭᠡᠷ ᠰᠠᠷ᠎ᠠ ᠶᠢᠨ 20 ᠳᠦ ᠵᠠᠷᠯᠠᠭᠰᠠᠨ᠃
ᠮᠣᠩᠭᠤᠯ ᠤᠯᠤᠰ ᠤᠨ ᠵᠠᠰᠠᠭ ᠤᠨ ᠭᠠᠵᠠᠷ᠂ ᠰᠠᠩ ᠤᠨ ᠶᠠᠮᠤᠨ ᠪᠤᠯᠦᠠ ᠲᠥᠷᠦ ᠶᠢᠨ ᠬᠤᠯᠪᠦᠬᠳᠡᠬᠤ ᠪᠠᠶᠢᠭᠤᠯᠤᠯᠭ᠎ᠠ ᠨᠤᠭᠤᠳ ᠲᠠᠢ ᠬᠠᠮᠲᠤᠷᠠᠨ ᠴᠢᠨᠠᠷ ᠦᠭᠡᠶ ᠵᠢᠭᠡᠯᠡᠯᠭᠡ ᠶᠢ ᠡᠷᠭᠢᠨ ᠲᠥᠯᠥᠭᠦᠯᠬᠦ ᠠᠵᠢᠯ ᠢ ᠦᠶ᠎ᠡ ᠱᠠᠲᠤ ᠲᠠᠢ ᠬᠡᠷᠡᠭᠵᠢᠭᠦᠯᠦᠭᠰᠡᠨ ᠢᠶᠠᠷ ᠡᠨᠡ ᠰᠠᠷ᠎ᠠ ᠶᠢᠨ 19 ᠪᠤᠯᠲᠠᠯ᠎ᠠ ᠨᠡᠶᠢᠲᠡ 514.5 ᠲᠡᠷᠪᠤᠮ ᠲᠥᠭᠦᠷᠢᠭ ᠤᠨ ᠵᠢᠭᠡᠯᠡᠯᠭᠡ ᠶᠢ ᠡᠷᠭᠢᠨ ᠲᠦᠯᠦᠭᠦᠯᠦᠭᠡᠳ ᠪᠠᠶᠢᠨ᠎ᠡ᠃