ᠮᠠᠨ ᠤ ᠤᠯᠤᠰ ᠳᠣᠯᠣᠳᠤᠭᠠᠷ ᠰᠠᠷ᠎ᠠ ᠳᠤ ᠭᠠᠳᠠᠭᠠᠳᠤ ᠶᠢᠨ 148 ᠣᠷᠣᠨ ᠠᠴᠠ ᠭᠠᠷᠤᠯ ᠡᠭᠦᠰᠦᠯ ᠲᠠᠢ ᠪᠠᠷᠠᠭ᠎ᠠ ᠤᠷᠤᠭᠤᠯᠵᠠᠢ᠃ ᠡᠭᠦᠨ ᠠᠴᠠ 34 ᠬᠤᠪᠢ ᠶᠢ ᠬᠢᠲᠠᠳ ᠂ 30.4 ᠬᠤᠪᠢ ᠶᠢ ᠣᠷᠣᠰ ᠂ 8.6 ᠬᠤᠪᠢ ᠶᠢ ᠶᠠᠫᠤᠨ᠂ 5 ᠬᠤᠪᠢ ᠶᠢ ᠪᠦᠬᠦᠳᠠ ᠨᠠᠶᠢᠷᠠᠮᠳᠠᠬᠤ ᠰᠣᠯᠤᠩᠭᠤᠰ ᠤᠯᠤᠰ᠂ 3.3 ᠬᠤᠪᠢ ᠶᠢ ᠠᠮᠧᠷᠢᠺᠠ ᠠᠴᠠ ᠣᠷᠣᠭᠤᠯᠵᠤ ᠢᠷᠡᠭᠰᠡᠨ ᠨᠢ ᠨᠡᠶᠢᠲᠡ ᠢᠮᠫᠣᠷᠲ ᠤᠨ ᠳ᠋ᠦᠩ ᠤᠨ 81.3 ᠬᠤᠪᠢ ᠶᠢ ᠡᠵᠡᠯᠡᠵᠦ ᠪᠠᠶᠢᠪᠠ᠃
ᠢᠮᠫᠣᠷᠲ ᠢᠶᠠᠷ ᠨᠡᠶᠢᠯᠡᠭᠦᠯᠦᠭᠳᠡᠭᠰᠡᠨ ᠪᠠᠷᠠᠭᠠᠨ ᠤ ᠨᠡᠶᠢᠲᠡ ᠳ᠋ᠦᠩ ᠳᠤ ᠮᠠᠰᠢᠨ ᠮᠧᠬᠠᠨᠢᠭ ᠲᠣᠨᠤᠭ ᠲᠥᠬᠦᠭᠡᠷᠦᠮᠵᠢ ᠪᠠ ᠲᠡᠭᠦᠨ ᠤ ᠡᠳ᠋ ᠠᠩᠭᠢ᠂ ᠴᠠᠬᠢᠯᠭᠠᠨ ᠭᠡᠷᠡᠭᠰᠡᠯ᠂ ᠲᠡᠳᠡᠭᠡᠷ ᠤᠨ ᠰᠡᠯᠪᠢᠭ 721.8 ᠰᠠᠶ᠎ᠠ ᠳ᠋ᠣᠯᠯᠠᠷ ᠪᠤᠶᠤ 15.2 ᠬᠤᠪᠢ᠂ ᠡᠷᠦᠳᠡᠰᠦ ᠪᠦᠲᠦᠭᠡᠭᠳᠡᠬᠦᠨ 1055.4 ᠰᠠᠶ᠎ᠠ ᠳ᠋ᠣᠯᠯᠠᠷ ᠪᠤᠶᠤ 26.7 ᠬᠤᠪᠢ︵ ᠡᠭᠦᠨ ᠤ ᠳᠣᠲᠣᠷ᠎ᠠ ᠨᠧᠹᠲ ᠤᠨ ᠪᠦᠲᠦᠭᠡᠭᠳᠡᠬᠦᠨ 926.4 ᠰᠠᠶ᠎ᠠ ᠳ᠋ᠣᠯᠯᠠᠷ ᠪᠤᠶᠤ 87.7 ᠬᠤᠪᠢ︶᠂ ᠮᠠᠯ ᠠᠮᠢᠳᠡᠠ᠂ ᠤᠷᠭᠤᠮᠠᠯ ᠤᠨ ᠭᠠᠷᠤᠯᠲᠠᠢ ᠪᠦᠲᠦᠭᠡᠭᠳᠡᠬᠦᠨ᠂ ᠬᠦᠨᠡᠰᠦᠨ ᠤ ᠵᠦᠶᠯ 616.4 ᠰᠠᠶ᠎ᠠ ᠳ᠋ᠣᠯᠯᠠᠷ ᠪᠤᠶᠤ 12.9 ᠬᠤᠪᠢ᠂ ᠠᠦ᠋ᠲ᠋ᠣ᠋ ᠠᠭᠠᠷ ᠤᠨ ᠲᠡᠭᠡᠭᠡᠪᠦᠷᠢ ᠶᠢᠨ ᠭᠡᠷᠡᠭᠰᠡᠯ ᠲᠡᠳᠡᠭᠡᠷ ᠤᠨ ᠡᠳ᠋ ᠠᠩᠭᠢ 816.3 ᠰᠠᠶ᠎ᠠ ᠳ᠋ᠣᠯᠯᠠᠷ ᠪᠤᠶᠤ 17.1 ᠬᠤᠪᠢ᠂ ᠦᠨᠳᠦᠰᠦᠨ ᠲᠡᠮᠦᠷᠯᠢᠭ᠂ ᠲᠡᠭᠦᠪᠡᠷ ᠬᠢᠭᠰᠡᠨ ᠪᠦᠲᠦᠭᠡᠭᠳᠡᠬᠦᠨ 493.6 ᠰᠠᠶ᠎ᠠ ᠳ᠋ᠣᠯᠯᠠᠷ ᠪᠤᠶᠤ 10.4 ᠬᠤᠪᠢ᠂ ᠬᠢᠮᠢ ᠶᠢᠨ ᠪᠤᠯᠦᠠ ᠲᠡᠭᠦᠨ ᠲᠠᠢ ᠬᠤᠯᠪᠣᠭ᠎ᠠ ᠲᠠᠢ ᠦᠢᠯᠡᠳᠪᠦᠷᠢ ᠶᠢᠨ ᠪᠦᠲᠦᠭᠡᠭᠳᠡᠬᠦᠨ 324.9 ᠰᠠᠶ᠎ᠠ ᠳ᠋ᠣᠯᠯᠠᠷ ᠪᠤᠶᠤ 8.2 ᠬᠤᠪᠢ ᠶᠢ ᠡᠵᠡᠯᠡᠵᠦ᠂ ᠡᠳᠡᠭᠡᠷ ᠪᠦᠲᠦᠭᠡᠭᠳᠡᠬᠦᠨ ᠳᠤ ᠨᠡᠶᠢᠲᠡ ᠳ᠋ᠦᠩ ᠤᠨ 88.7 ᠬᠤᠪᠢ ᠨᠣᠭᠳᠠᠵᠤ ᠪᠠᠶᠢᠭ᠎ᠠ ᠶᠤᠮ᠃