ᠠᠯᠲᠠᠢ ᠰᠤᠮᠤᠨ ᠳᠤ ᠰᠡᠷᠭᠦᠭᠡᠭᠳᠡᠬᠦ ᠡᠷᠴᠢᠮ ᠬᠦᠴᠦᠨ ᠤ ᠰᠢᠰᠲ᠋ᠧᠮ ᠢ ᠠᠰᠢᠭᠯᠠᠯᠲᠠ ᠳᠤ ᠣᠷᠣᠭᠤᠯᠪᠠ | News.MN

ᠠᠯᠲᠠᠢ ᠰᠤᠮᠤᠨ ᠳᠤ ᠰᠡᠷᠭᠦᠭᠡᠭᠳᠡᠬᠦ ᠡᠷᠴᠢᠮ ᠬᠦᠴᠦᠨ ᠤ ᠰᠢᠰᠲ᠋ᠧᠮ ᠢ ᠠᠰᠢᠭᠯᠠᠯᠲᠠ ᠳᠤ ᠣᠷᠣᠭᠤᠯᠪᠠ

ᠠᠽᠢᠶ᠎ᠠ ᠶᠢᠨ ᠬᠥᠭᠵᠢᠯ ᠤᠨ ᠪᠠᠩᠬᠢ᠂ ᠵᠠᠰᠠᠭ ᠤᠨ ᠭᠠᠵᠠᠷ ᠬᠠᠮᠲᠤᠷᠠᠨ ᠭᠤᠪᠢ ᠠᠯᠲᠠᠢ ᠠᠶᠢᠮᠠᠭ ᠤᠨ ᠠᠯᠲᠠᠢ ᠰᠤᠮᠤᠨ ᠳᠤ ᠡᠷᠴᠢᠮ ᠬᠦᠴᠦᠨ ᠤ ᠬᠤᠣᠰᠯᠠᠮᠠᠯ ᠰᠢᠰᠲ᠋ᠧᠮ ᠢ ᠥᠴᠥᠭᠡᠳᠦᠷ ᠠᠰᠢᠭᠯᠠᠯᠲᠠ ᠳᠤ ᠣᠷᠣᠭᠤᠯᠪᠠ᠃ ᠡᠨᠡ ᠲᠥᠰᠥᠯ ᠠᠯᠲᠠᠢ ᠤᠯᠢᠶᠠᠰᠤᠲᠠᠢ ᠶᠢᠨ ᠡᠷᠴᠢᠮ ᠬᠦᠴᠦᠨ ᠤ ᠰᠢᠰᠲ᠋ᠧᠮ ᠠᠴᠠ 400 ᠺᠢᠯᠣᠮᠧᠲᠷ ᠠᠯᠤᠰᠯᠠᠭᠳᠠᠭᠰᠠᠨ᠂ ᠲᠤᠰ ᠰᠢᠰᠲ᠋ᠧᠮ ᠠᠴᠠ ᠠᠯᠲᠠᠢ ᠶᠢᠨ ᠨᠢᠷᠤᠭᠤ ᠪᠠᠷ ᠲᠤᠰᠠᠭᠠᠷᠯᠠᠭᠳᠠᠭᠰᠠᠨ ᠠᠯᠲᠠᠢ ᠰᠤᠮᠤ ᠶᠢ ᠡᠷᠴᠢᠮ ᠬᠦᠴᠦ ᠪᠠᠷ ᠬᠠᠩᠭᠠᠨ᠎ᠠ᠃
ᠡᠨᠡ ᠰᠢᠰᠲ᠋ᠧᠮ ᠮᠣᠩᠭᠤᠯ ᠤᠯᠤᠰ ᠤᠨ ᠬᠠᠮᠤᠬ ᠤᠨ ᠠᠯᠤᠰᠯᠠᠭᠳᠠᠮᠠᠯ ᠰᠤᠮᠤᠳ ᠤᠨ ᠨᠢᠭᠡ ᠪᠣᠯᠬᠤ ᠠᠯᠲᠠᠢ ᠶᠢᠨ 1500 ᠢᠷᠭᠡᠳ᠂ 350 ᠠᠶᠢᠯ ᠡᠷᠦᠬᠡ᠂ 25 ᠠᠯᠪᠠᠨ ᠪᠠᠶᠢᠭᠤᠯᠤᠯᠭ᠎ᠠ ᠶᠢ ᠨᠠᠷᠠᠨ ᠤ ᠰᠢᠪᠬᠠᠭᠳᠠᠰᠢ ᠦᠭᠡᠢ ᠡᠷᠴᠢᠮ ᠬᠦᠴᠦ ᠶᠢ ᠠᠰᠢᠭᠯᠠᠭᠰᠠᠨ᠂ ᠰᠡᠷᠭᠦᠭᠡᠭᠳᠡᠬᠦ ᠡᠷᠴᠢᠮ ᠬᠦᠴᠦ ᠪᠠᠷ ᠬᠠᠩᠭᠠᠨ᠎ᠠ᠃ ᠡᠨᠡ ᠰᠲ᠋ᠠᠨᠼ ᠡᠷᠴᠢᠮ ᠬᠦᠴᠦᠨ ᠤ ᠰᠢᠰᠲ᠋ᠧᠮ ᠳᠤ ᠬᠤᠯᠪᠣᠭᠳᠠᠭ᠎ᠠ ᠦᠭᠡᠢ᠂ ᠨᠠᠷᠠᠨ ᠤ ᠡᠷᠴᠢᠮ ᠬᠦᠴᠦᠨ ᠤ ᠪᠡᠶ᠎ᠠ ᠳᠠᠭᠠᠭᠠᠭᠰᠠᠨ ᠰᠲ᠋ᠠᠨᠼ ᠤᠨ ᠬᠠᠮᠤᠬ ᠤᠨ ᠰᠡᠭᠦᠯ ᠤᠨ ᠦᠶ᠎ᠡ ᠶᠢᠨ ᠲᠧᠭᠨᠣᠯᠣᠭᠢ ᠪᠣᠯᠬᠤ ᠪᠠᠲᠲ᠋ᠧᠷᠢ ᠶᠢᠨ ᠮᠧᠨᠧᠵᠮᠧᠨᠲ ᠤᠨ ᠰᠢᠰᠲ᠋ᠧᠮ᠂ ᠡᠷᠴᠢᠮ ᠬᠦᠴᠦᠨ ᠤ ᠮᠧᠨᠧᠵᠮᠧᠨᠲ ᠤᠨ ᠰᠢᠰᠲ᠋ᠧᠮ ᠢ ᠮᠣᠩᠭᠤᠯ ᠳᠤ ᠠᠩᠬ᠎ᠠ ᠤᠳᠠᠭ᠎ᠠ ᠠᠰᠢᠭᠯᠠᠭᠰᠠᠨ ᠪᠠᠶᠢᠨ᠎ᠡ᠃

ᠰᠡᠳᠬᠢᠭᠳᠡᠯ ᠦᠯᠡᠳᠡᠭᠡᠬᠦ