ᠪᠦᠭᠦᠳᠡ ᠨᠠᠢᠷᠠᠮᠳᠠᠬᠤ ᠡᠨᠡᠳᠬᠡᠭ ᠤᠯᠤᠰ ᠠᠴᠠ ᠮᠣᠩᠭᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠠ ᠡᠷᠬᠡᠲᠦ ᠡᠯᠴᠢᠨ ᠰᠠᠶᠢᠳ ᠮ᠊∙ ᠫᠠ᠊∙ᠰᠢᠩᠾ ᠳᠣᠲᠣᠭᠠᠳᠤ ᠶᠢᠨ ᠬᠡᠢ ᠲᠦᠭᠡᠭᠡᠭᠴᠢ︽ᠳᠠᠰᠢᠸᠠᠩᠵᠢᠯ︾ᠺᠣᠮᠫᠠᠨᠢ ᠪᠠᠷ ᠵᠣᠴᠢᠯᠠᠵᠤ ᠦᠶᠯᠡ ᠠᠵᠢᠯᠯᠠᠭ᠎ᠠ ᠲᠠᠢ ᠲᠠᠨᠢᠯᠴᠠᠨ᠂ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠰᠠᠨᠠᠯ ᠰᠣᠯᠢᠯᠴᠠᠯ᠎ᠠ᠃ ᠲᠣᠳᠣᠷᠠᠭᠤᠯᠪᠠᠯ᠂ ᠡᠨᠡᠦᠡᠭᠡᠭ ᠤᠯᠤᠰ ᠤᠨ ᠲᠤᠰᠠᠯᠠᠮᠵᠢ ᠪᠠᠷ ᠮᠠᠨ ᠤ ᠤᠯᠤᠰ ᠲᠤ ᠪᠠᠷᠢᠵᠤ ᠪᠤᠶ ᠭᠠᠵᠠᠷ ᠤᠨ ᠲᠣᠰᠤ ᠪᠣᠯᠪᠠᠰᠤᠷᠠᠭᠤᠯᠬᠤ ᠦᠢᠯᠡᠳᠪᠦᠷᠢ ᠶᠢᠨ ᠡᠬᠢᠨ ᠤ ᠪᠦᠲᠦᠭᠡᠭᠳᠡᠬᠦᠨ 2025 ᠣᠨ ᠳᠤ ᠭᠠᠷᠤᠨ᠎ᠠ᠃ ᠡᠨᠡ ᠦᠶ᠎ᠡ ᠳᠤ︽ᠳᠠᠰᠢᠸᠠᠩᠵᠢᠯ︾ᠻᠣᠮᠫᠠᠨᠢ ᠲᠦᠭᠡᠭᠡᠯᠲᠡ ᠶᠢᠨ ᠦᠶᠯᠡ ᠠᠵᠢᠯᠯᠠᠭᠠᠨ ᠳᠤ ᠭᠠᠷ ᠪᠡᠶ᠎ᠠ ᠤᠷᠦᠯᠴᠡᠬᠤ ᠪᠣᠯᠣᠮᠵᠢᠲᠠᠢ ᠶᠢ ᠠᠭᠤᠯᠵᠠᠯᠲᠠ ᠶᠢᠨ ᠦᠶ᠎ᠡ ᠪᠠᠷ ᠬᠥᠨᠳᠡᠭᠰᠡᠨ ᠶᠤᠮ᠃ ᠤᠴᠢᠷ ᠨᠢ ᠲᠤᠰ ᠻᠣᠮᠫᠠᠨᠢ 21 ᠠᠶᠢᠮᠠᠭ ᠲᠤ 65 ᠰᠠᠯᠪᠤᠷᠢ ᠲᠠᠢ ᠦᠶᠯᠡ ᠠᠵᠢᠯᠯᠠᠭ᠎ᠠ ᠶᠠᠪᠤᠭᠤᠯᠵᠤ ᠪᠤᠶ ᠮᠣᠩᠭᠣᠯ ᠤᠨ ᠬᠡᠢ ᠲᠦᠯᠡᠰᠢᠨ ᠦ ᠰᠠᠯᠪᠤᠷᠢ ᠶᠢᠨ ᠠᠩᠬᠠᠳᠠᠭᠴᠢ ᠶᠤᠮ᠃
︽ᠮᠠᠨ ᠤ ᠻᠣᠮᠫᠠᠨᠢ ᠣᠯᠠᠨ ᠤᠯᠤᠰ ᠤᠨ ISO ᠰᠲ᠋ᠠᠨᠳᠠᠷᠲ ᠢ ᠦᠢᠯᠡᠳᠪᠦᠷᠢ ᠳᠤ ᠪᠠᠨ ᠨᠡᠪᠲᠡᠷᠡᠭᠦᠯᠦᠭᠰᠡᠨ᠃ ᠬᠡᠢ ᠶᠢᠨ ᠬᠠᠩᠭᠠᠮᠵᠢ ᠶᠢᠨ ᠰᠢᠰᠲ᠋ᠧᠮ ᠢᠶᠠᠨ ᠤᠯᠠᠮ ᠨᠢᠬᠳᠠ ᠪᠣᠯᠭᠠᠬᠤ ᠪᠠᠷ ᠠᠵᠢᠯᠯᠠᠵᠤ ᠪᠠᠶᠢᠨ᠎ᠡ︾ᠬᠡᠮᠡᠨ︽ᠳᠠᠰᠢᠸᠠᠩᠵᠢᠯ︾ᠺᠤᠮᠫᠠᠨᠢ ᠶᠢᠨ ᠶᠡᠷᠦᠩᠬᠡᠶ ᠵᠠᠬᠢᠷᠤᠯ ᠨ᠊ · ᠪᠠᠭᠠᠲᠤᠷᠵᠠᠪ ᠠᠭᠤᠯᠵᠠᠯᠲᠠ ᠶᠢᠨ ᠦᠶ᠎ᠡ ᠪᠠᠷ ᠲᠤᠳᠤᠳᠬᠠᠪᠠ᠃