ᠵᠠᠬᠠᠴᠢᠨ ᠲᠦᠮᠡᠨ ᠤ ᠥᠪ ᠰᠣᠶᠤᠯ ᠤᠨ︽ᠲᠣᠨᠵᠢᠶᠠ︾ᠶᠡᠭᠡ ᠨᠠᠭᠠᠳᠤᠮ ᠤᠨ ᠬᠦᠷᠢᠶᠡᠨ ᠳᠤ ᠥᠪ ᠰᠣᠶᠣᠯ ᠢᠶᠠᠨ ᠥᠪᠯᠡᠨ ᠤᠯᠡᠮᠵᠢᠯᠡᠬᠴᠢ ᠰᠢᠯᠢᠳᠡᠭ ᠰᠤᠮᠤ ᠰᠢᠯᠭᠠᠷᠠᠭᠤᠯᠬᠤ ᠤᠷᠤᠯᠳᠤᠭᠠᠨ ᠪᠣᠯᠪᠠ᠃ ᠤᠷᠤᠯᠳᠤᠭᠠᠨ ᠤ ᠵᠣᠷᠢᠯᠭ᠎ᠠ ᠨᠢ ᠰᠣᠶᠤᠯ ᠤᠨ ᠪᠡᠶᠡᠲᠦ ᠪᠤᠯᠦᠠ ᠪᠡᠶᠡᠲᠦ ᠪᠤᠰᠤ ᠥᠪ᠂ ᠵᠠᠩ ᠦᠶᠯᠡ᠂ ᠶᠣᠰᠣ ᠵᠠᠩᠰᠢᠯ᠂ ᠡᠳ᠋ ᠬᠡᠷᠡᠭᠯᠡᠯ ᠢ ᠥᠪᠯᠡᠨ ᠤᠯᠠᠮᠵᠢᠯᠠᠭᠴᠢᠳ ᠢ ᠠᠯᠳᠠᠷᠰᠢᠭᠤᠯᠬᠤ᠂ ᠠᠪᠢᠶᠠᠰ ᠪᠢᠯᠢᠭ ᠢ ᠬᠥᠭᠵᠢᠭᠦᠯᠦᠨ ᠰᠤᠷᠲᠠᠯᠴᠢᠯᠠᠬᠤ ᠳᠤ ᠴᠢᠭᠯᠡᠵᠦ ᠪᠠᠶᠢᠯ᠎ᠠ᠃
ᠤᠷᠤᠯᠳᠤᠭᠠᠨ ᠢ ᠫᠠᠷᠲ᠋ᠢᠽᠠᠨ ᠲᠣᠭᠲᠠᠬᠤ ᠶᠢᠨ ᠨᠠᠶᠢᠳᠠᠨ ᠤ ᠣᠷᠤᠭ ᠤᠳᠤᠮ᠂ ᠦᠷ᠎ᠡ ᠰᠠᠳᠤ ᠪᠣᠯᠣᠭᠰᠠᠨ ᠠᠬᠠᠨ ᠳᠡᠭᠦᠦᠰ 100.000.000 ᠲᠥᠭᠦᠷᠢᠭ ᠢᠶᠠᠷ ᠲᠡᠳᠬᠦᠵᠦ ᠤᠷᠮᠠᠰᠢᠭᠤᠯᠤᠯ᠎ᠠ᠃ ᠲᠣᠳᠤᠷᠬᠠᠶ ᠰᠢᠯᠭᠠᠭᠤᠷ ᠦᠵᠡᠭᠦᠯᠦᠯᠲᠡ ᠶᠢᠨ ᠳᠠᠭᠠᠤ ᠤᠷᠤᠯᠳᠤᠭᠠᠨ ᠳᠤ ᠠᠯᠲᠠᠢ ᠰᠤᠮᠤ ᠶᠢᠨ ᠬᠢᠨ ᠲᠦᠷᠦᠭᠦᠯᠡᠵᠦ Toyota estima ᠮᠠᠷᠺ ᠤᠨ ᠮᠠᠰᠢᠨ ᠲᠡᠷᠭᠡᠨ ᠤ ᠡᠵᠡᠨ ᠪᠣᠯᠣᠯ᠎ᠠ᠃
ᠤᠷᠤᠯᠳᠤᠭᠠᠨ ᠳᠤ ᠪᠡᠷᠢ ᠭᠤᠶᠣᠬᠤ᠂ ᠭᠡᠷ ᠪᠦᠷᠢᠬᠦ ᠶᠣᠰᠣ ᠪᠤᠯᠦᠠ ᠵᠠᠬᠠᠴᠢᠨ ᠬᠤᠷᠢᠮ ᠨᠠᠶᠢᠷ᠂ ᠬᠡᠦᠬᠡᠳ ᠤᠨ ᠰᠡᠪᠢᠯᠭᠡ ᠦᠷᠬᠦᠭᠡᠬᠦ ᠶᠣᠰᠣᠯᠠᠯ᠂ ᠤᠨᠠᠭ᠎ᠠ ᠲᠠᠮᠠᠭᠠᠯᠠᠬᠤ ᠵᠡᠷᠭᠡ ᠵᠠᠬᠠᠴᠢᠨ ᠤᠭᠰᠠᠭᠠᠲᠠᠨ ᠤ ᠪᠡᠶᠡᠲᠦ᠂ ᠪᠡᠶᠡᠲᠦ ᠪᠤᠰᠤ ᠰᠣᠶᠤᠯ ᠢ ᠦᠶᠯᠡᠳᠦᠯ ᠪᠦᠷᠢ ᠳᠤ ᠬᠠᠷᠠᠭᠤᠯᠵᠤ ᠰᠡᠷᠭᠦᠭᠡᠨ ᠲᠠᠨᠢᠭᠤᠯᠪᠠ᠃