ᠵᠠᠬᠠᠴᠢᠨ ᠲᠦᠮᠡᠨ ᠤ ᠥᠪ ᠰᠤᠶᠦᠯ᠂ ᠶᠣᠰᠣ ᠵᠠᠩᠰᠢᠯ ᠢ ᠥᠪᠯᠡᠭᠦᠯᠤᠨ ᠦᠯᠡᠳᠡᠭᠡᠬᠦ᠂ ᠲᠦᠭᠡᠭᠡᠨ ᠳᠡᠯᠭᠡᠷᠡᠭᠦᠯᠬᠦ ᠵᠣᠷᠢᠯᠭ᠎ᠠ ᠪᠦᠬᠦᠢ︽ ᠲᠤᠨᠵᠢ︾ᠶᠡᠭᠡ ᠨᠠᠭᠠᠳᠤᠮ ᠡᠨᠡ ᠰᠠᠷ᠎ᠠ ᠶᠢᠨ 23-26 ᠳᠤ ᠬᠤᠪᠳᠤ ᠠᠶᠢᠮᠠᠭ ᠤᠨ ᠮᠥᠰᠥᠲᠦ ᠰᠤᠮᠤᠨ ᠳᠤ ᠪᠤᠯᠵᠠᠢ᠃
ᠮᠣᠩᠭᠤᠯ ᠬᠡᠯᠡᠨ ᠤ ᠶᠡᠭᠡ ᠲᠠᠶᠢᠯᠪᠤᠷᠢ ᠲᠣᠯᠢ ᠳᠤ ᠲᠠᠢᠯᠪᠤᠷᠢᠯᠠᠭᠰᠠᠨ ᠢᠶᠠᠷ︽ᠲᠤᠨᠵᠢ︾ᠭᠡᠬᠦ ᠦᠭᠡ ᠨᠢ ᠣᠨᠴᠠᠭᠠᠢ ᠰᠣᠳᠤᠨ ᠭᠡᠰᠡᠨ ᠤᠳᠬ᠎ᠠ ᠲᠠᠢ᠃ ᠵᠢᠱᠢᠶ᠎ᠡ ᠨᠢ᠄ ᠠᠵᠢᠷᠭ᠎ᠠ ᠪᠠᠷ ᠠᠳᠤᠭᠤᠨ ᠳᠤᠮᠳᠠ ᠠᠴᠠ ᠠᠭᠰᠤᠮ ᠬᠠᠯᠢᠭᠤᠨ ᠳᠣᠨᠵᠢ᠂ ᠠᠶᠢᠯ ᠤᠨ ᠪᠦᠰᠡᠭᠦ᠋ᠢᠴᠦᠳ ᠳᠤᠮᠳᠠ ᠠᠴᠠ ᠠᠮᠠᠷᠠᠭ ᠲᠡᠷᠡ ᠮᠠᠨᠢ ᠳᠣᠨᠵᠢ ᠭᠡᠰᠡᠨ ᠬᠡᠯᠡᠯᠭᠡ ᠪᠠᠢᠳᠠᠭ ᠭᠡᠵᠦ ᠵᠠᠷᠢᠮ ᠢᠷᠭᠡᠳ ᠬᠡᠯᠡᠵᠦ ᠪᠠᠶᠢᠨ᠎ᠡ᠃