ᠮᠣᠩᠭᠤᠯ ᠪᠠᠩᠬᠢᠨ ᠤ ᠡᠷᠳᠡᠨᠢᠰ ᠤᠨ ᠰᠠᠩ ᠠᠴᠠ ᠮᠣᠩᠭᠤᠯ ᠤᠯᠤᠰ ᠪᠤᠯᠦᠠ ᠣᠯᠠᠨ ᠤᠯᠤᠰ ᠤᠨ ᠠᠴᠢ ᠬᠤᠯᠪᠣᠭᠳᠠᠯ ᠪᠦᠬᠦᠢ ᠲᠡᠮᠳᠡᠭᠯᠡᠯᠲᠦ ᠣᠶ ᠵᠡᠷᠭᠡ ᠣᠨᠴᠠᠭᠠᠢ ᠴᠢᠬᠤᠯᠠ ᠦᠶᠯᠡ ᠶᠠᠪᠤᠳᠠᠯ ᠢ ᠲᠣᠬᠢᠶᠠᠯᠳᠤᠭᠤᠯᠤᠨ ᠠᠯᠳᠠ᠂ ᠮᠦᠡᠭᠬᠦ᠂ ᠵᠡᠰ ᠳᠤᠷᠠᠰᠬᠠᠯ ᠤᠨ ᠵᠤᠭᠤᠰ ᠡᠷᠬᠢᠯᠡᠨ ᠭᠠᠷᠭᠠᠳᠠᠭ᠃
ᠮᠣᠩᠭᠤᠯ ᠪᠠᠩᠬᠢ ᠨᠢ︽ᠮᠣᠩᠭᠤᠯ ᠤᠯᠤᠰ ᠤᠨ ᠡᠷᠳᠡᠨᠢᠰ ᠤᠨ ᠰᠠᠩ ᠤᠨ ᠲᠤᠬᠠᠶ︾ᠬᠠᠤᠯᠢ ᠳᠤ ᠵᠢᠭᠠᠭᠰᠠᠨ ᠡᠷᠭᠡ᠂ ᠡᠭᠦᠷᠭᠡ ᠶᠢᠨ ᠳᠠᠭᠠᠤ ᠳᠤᠷᠠᠰᠬᠠᠯ ᠤᠨ ᠵᠤᠭᠤᠰ ᠵᠠᠬᠢᠶᠠᠯᠠᠨ ᠬᠢᠯᠭᠡᠳᠡᠭ᠃ ᠡᠨᠡ ᠤᠳᠠᠭ᠎ᠠ THE HU ᠭᠤᠷᠪᠠᠨ ᠲᠥᠷᠥᠯ ᠤᠨ ᠳᠤᠷᠠᠰᠬᠠᠯ ᠤᠨ ᠮᠥᠩᠭᠦᠨ ᠵᠤᠭᠤᠰ ᠡᠷᠬᠢᠯᠡᠨ ᠭᠠᠷᠭᠠᠭᠠᠳ ᠪᠠᠶᠢᠨ᠎ᠡ᠃ ᠲᠤᠰ 3 ᠲᠥᠷᠥᠯ ᠤᠨ ᠳᠤᠷᠠᠰᠬᠠᠯ ᠤᠨ ᠵᠣᠭᠤᠰ ᠢ ᠰᠡᠭᠦᠯ ᠤᠨ ᠦᠶ᠎ᠡ ᠶᠢᠨ smartminting ᠲᠧᠭᠨᠣᠯᠣᠭᠢ ᠪᠠᠷ ᠤᠷᠠᠯᠠᠵᠤ᠂ ᠬᠡᠰᠡᠭᠴᠢᠯᠡᠨ ᠠᠯᠲᠠ ᠪᠠᠷ ᠪᠦᠷᠢᠵᠡᠢ᠃ ᠬᠠᠮᠲᠤᠯᠢᠭ ᠤᠨ ᠭᠡᠰᠢᠭᠦᠳ ᠤᠨ ᠵᠢᠷᠤᠭ ᠪᠦᠬᠦᠢ ᠳᠤᠷᠠᠰᠬᠠᠯ ᠤᠨ ᠵᠤᠭᠤᠰ ᠨᠢ 3 ᠤᠨᠼ ᠤᠨ ᠵᠢᠩ ᠲᠠᠢ 65 ᠮᠢᠯᠢᠮᠧᠲᠷ ᠳ᠋ᠢᠶᠠᠮᠧᠲᠷ ᠲᠠᠢ᠂ ᠾᠦᠩᠨᠤ ᠬᠥᠷᠥᠨ ᠪᠤᠯᠦᠠ ᠬᠠᠮᠲᠤᠯᠢᠭ ᠤᠨ ᠯᠣᠭᠤ ᠲᠠᠢ ᠳᠤᠷᠠᠰᠬᠠᠯ ᠤᠨ ᠵᠤᠭᠤᠰ ᠨᠢ 2 ᠤᠨᠼ ᠤᠨ ᠵᠢᠩ ᠲᠠᠢ 50 ᠮᠢᠯᠢᠮᠧᠲᠷ ᠳ᠋ᠢᠶᠠᠮᠧᠲᠷ ᠲᠠᠢ ᠠᠵᠠᠢ᠃