ᠦᠽᠪᠧᠺᠰᠲ᠋ᠠᠨ ᠤᠯᠤᠰ ᠤᠨ ᠨᠡᠶᠢᠰᠯᠡᠯ ᠲᠠᠱᠺᠧᠨᠲ ᠬᠤᠲᠠ ᠳᠤ ᠡᠨᠡ ᠰᠠᠷ᠎ᠠ ᠶᠢᠨ 13-26 ᠳᠦ ᠥᠰᠪᠦᠷᠢ ᠦᠶ᠎ᠡ᠂ ᠵᠠᠯᠠᠭᠤᠴᠤᠳ᠂ ᠠᠬᠠᠮᠠᠳ᠂ ᠨᠠᠰᠤᠨ ᠳᠤ ᠬᠦᠷᠦᠭᠰᠡᠳ ᠦᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠳᠠᠭᠠᠮ ᠤᠨ ᠲᠡᠮᠡᠴᠡᠭᠡᠨ ᠵᠣᠬᠢᠶᠠᠨ ᠪᠠᠶᠢᠭᠤᠯᠤᠭᠳᠠᠯ᠎ᠠ᠃ ᠲᠤᠰ ᠲᠡᠮᠡᠴᠡᠭᠡᠨ ᠳᠦ ᠮᠣᠩᠭᠣᠯ ᠤᠯᠤᠰ ᠤᠨ ᠲᠠᠮᠢᠷᠴᠢᠳ ᠪᠠᠭᠰᠢ᠂ ᠳᠠᠰᠬᠠᠯᠵᠢᠭᠤᠯᠤᠭᠴᠢ᠂ ᠡᠴᠢᠭᠡ ᠡᠬᠡ᠂ ᠠᠯᠪᠠᠨ ᠤ ᠬᠣᠶᠠᠷ ᠬᠦᠮᠦᠨ ᠦ ᠬᠠᠮᠲᠤ ᠪᠠᠷ ᠨᠡᠶᠢᠲᠡ 104 ᠬᠦᠮᠦᠨ ᠦ ᠥᠷᠭᠡᠨ ᠪᠦᠷᠢᠯᠳᠦᠬᠦᠨ ᠲᠡᠢ ᠮᠠᠰᠢ ᠠᠮᠵᠢᠯᠲᠠ ᠲᠠᠢ ᠣᠷᠣᠯᠴᠠᠵᠤ ᠡᠬᠡ ᠣᠷᠣᠨ ᠳᠤ ᠪᠠᠨ ᠭᠠᠨᠵᠤᠭ᠎ᠠ ᠳᠦᠭᠦᠷᠡᠩ ᠢᠷᠡᠯ᠎ᠡ᠃
ᠡᠨᠡ ᠤᠳᠠᠭ᠎ᠠ ᠶᠢᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠳᠠᠭᠠᠮ ᠤᠨ ᠲᠡᠮᠡᠴᠡᠭᠡᠨ 7 ᠲᠥᠷᠦᠯ ᠢᠶᠡᠷ ᠠᠪᠤᠷᠭᠤ ᠨᠤᠭᠤᠳ ᠢᠶᠠᠨ ᠲᠣᠳᠣᠷᠠᠭᠤᠯᠤᠭᠰᠠᠨ ᠪᠥᠭᠡᠳ ᠲᠥᠷᠦᠯ ᠲᠤᠰ ᠪᠦᠷᠢ ᠥᠰᠪᠦᠷᠢ ᠦᠶ᠎ᠡ ᠶᠢᠨ 5-7᠂ 8-10᠂ 11-13᠂ 14-16 ᠨᠠᠰᠤ᠂ ᠵᠠᠯᠠᠭᠤᠴᠤᠳ ᠤᠨ 17-19᠂ 20-23 ᠨᠠᠰᠤ᠂ ᠠᠬᠠᠮᠠᠳ ᠤᠨ 60 ᠠᠴᠠ ᠳᠡᠭᠡᠭᠰᠢ ᠨᠠᠰᠤᠨ ᠤ ᠠᠩᠭᠢᠯᠠᠯ ᠪᠣᠯᠤᠨ ᠨᠠᠰᠤᠨ ᠳᠤ ᠬᠦᠷᠦᠭᠰᠡᠳ ᠦᠨ ᠭᠡᠰᠡᠨ ᠨᠡᠶᠢᠲᠡ ᠨᠠᠢ᠌ᠮᠠᠨ ᠨᠠᠰᠤᠨ ᠤ ᠠᠩᠭᠢᠯᠠᠯ ᠢᠶᠠᠷ ᠶᠠᠪᠤᠭᠳᠠᠵᠠᠢ᠃
ᠨᠡᠶᠢᠲᠡ 10 ᠣᠷᠣᠨ ᠤ 260 ᠭᠠᠷᠤᠢ ᠲᠠᠮᠢᠷᠴᠢᠨ ᠣᠷᠣᠯᠴᠠᠭᠰᠠᠨ ᠲᠤᠰ ᠲᠡᠮᠡᠴᠡᠭᠡᠨ ᠳᠦ ᠮᠣᠩᠭᠣᠯ ᠤᠯᠤᠰ ᠤᠨ ᠪᠠᠭ ᠲᠠᠮᠢᠷᠴᠢᠳ 100 ᠪᠠᠭᠤᠳᠠᠯᠲᠤ ᠳᠠᠭᠠᠮ ᠤᠨ ᠦᠨᠳᠦᠰᠦᠨ ᠲᠥᠷᠥᠯ ᠳᠦ 16 ᠪᠠᠭᠴᠠ ᠮᠧᠳᠠᠯ ᠪᠤᠶᠤ 48 ᠮᠧᠳᠠᠯ ᠠᠴᠠ 9 ᠠᠯᠲᠠ᠂ 9 ᠮᠥᠩᠭᠥ᠂ 4 ᠬᠦᠷᠡᠯ ᠮᠧᠳᠠᠯ ᠬᠦᠷᠲᠡᠭᠰᠡᠨ ᠠᠮᠵᠢᠯᠲᠠ ᠪᠠᠷ ᠠᠽᠢᠶ᠎ᠠ ᠲᠢᠪ ᠲᠦ ᠪᠡᠨ ᠠᠪᠤᠷᠭᠤᠯᠠᠯ᠎ᠠ᠃100 ᠪᠠᠭᠤᠳᠠᠯᠲᠤ ᠳᠠᠭᠠᠮ ᠤᠨ ᠬᠠᠮᠤᠭ ᠤᠨ ᠲᠣᠮᠣ ᠴᠣᠯᠠ ᠪᠣᠯᠬᠤ ᠣᠯᠠᠨ ᠤᠯᠤᠰ ᠤᠨ ᠶᠡᠬᠡ ᠮᠠᠰᠲ᠋ᠸᠷ ᠴᠣᠯᠠ ᠶᠢ ᠴᠣᠭᠲᠤᠪᠠᠭᠠᠲᠤᠷ ᠤᠨ ᠰᠦᠬᠡᠪᠠᠲᠤ᠂ ᠡᠩᠬᠡᠪᠣᠯᠤᠳ ᠤᠨ ᠬᠦᠰᠡᠯᠡᠩ ᠨᠠᠷ ᠬᠦᠷᠲᠡᠭᠰᠡᠨ ᠪᠠᠢᠨ᠎ᠠ᠃