ᠮᠣᠩᠭᠣᠯ ᠤᠨ ᠦᠨᠳᠦᠰᠦᠨ ᠤ ᠤᠯᠢᠮᠫᠢᠺ ᠤᠨ ᠬᠤᠷᠢᠶᠠᠨ ᠤ ᠳᠡᠷᠭᠡᠳᠡᠬᠢ ᠲᠠᠮᠢᠷᠴᠢᠳ ᠤᠨ ᠺᠣᠮᠢᠰ ᠠᠴᠠ ᠠᠽᠢᠶ᠎ᠠ ᠶᠢᠨ ᠤᠯᠢᠮᠫᠢᠺ ᠤᠨ ᠵᠥᠪᠯᠡᠯ ᠲᠠᠢ ᠬᠠᠮᠲᠤᠷᠠᠨ ᠬᠡᠷᠡᠭᠵᠢᠭᠦᠯᠵᠦ ᠪᠤᠶ︽ᠲᠠᠮᠢᠷᠴᠢᠨ ᠲᠥᠪ ᠲᠠᠢ ᠲᠥᠰᠥᠯ︾ᠬᠥᠲᠥᠯᠪᠦᠷᠢ ᠠᠮᠠᠷᠠᠯᠲᠠ ᠶᠢᠨ ᠡᠳᠦᠷ ᠢᠶᠠᠷ ᠠᠮᠵᠢᠯᠲᠠᠲᠠᠶ ᠦᠷᠭᠦᠯᠵᠢᠯᠡᠵᠦ ᠳᠠᠭᠤᠰᠤᠯ᠎ᠠ᠃ ᠬᠥᠲᠥᠯᠪᠦᠷᠢ ᠶᠢᠨ ᠰᠡᠭᠦᠯ ᠤᠨ ᠡᠳᠦᠷ ᠤᠯᠢᠮᠫᠢᠺ ᠤᠨ ᠲᠥᠷᠥᠯ ᠤᠨ ᠰᠫᠣᠷᠲ ᠤᠨ ᠲᠠᠮᠢᠷᠴᠢᠳ ᠮᠠᠨᠵᠤᠰᠢᠷᠢ ᠬᠡᠶᠢᠳ ᠠᠴᠠ ᠴᠡᠴᠡ ᠭᠦᠩ ᠤᠷᠬᠢᠯ ᠭᠡᠰᠡᠨ ᠮᠠᠷᠱᠷᠤᠲ ᠢᠶᠠᠷ ᠶᠠᠪᠠᠭᠠᠨ ᠠᠶᠠᠯᠠᠯ ᠬᠢᠪᠡ᠃
ᠪᠠᠭ ᠲᠠᠮᠢᠷᠴᠢᠳ ᠢ ᠤᠯᠢᠮᠫᠢᠺ ᠤᠨ ᠬᠦᠷᠡᠯ ᠮᠧᠲᠠᠯᠲᠤ ᠳ᠋᠊ ·ᠤᠳᠬᠤᠨᠳᠠᠯᠠᠢ᠂ ᠤᠯᠢᠮᠫᠢᠺ ᠤᠨ ᠮᠥᠩᠭᠦᠨ ᠮᠧᠲᠠᠯᠲᠤ ᠫ᠊ ·ᠰᠧᠷᠳᠠᠮᠪᠠ᠂ ᠤᠯᠢᠮᠫᠢᠺ ᠤᠨ ᠣᠷᠤᠯᠴᠠᠭᠴᠢ ᠪ∙ᠳᠥᠯᠭᠡᠨ᠂ ᠡᠪᠦᠯ ᠤᠨ ᠤᠯᠢᠮᠫᠢᠺ ᠤᠨ ᠣᠷᠤᠯᠴᠠᠭᠴᠢ ᠠ᠊ ·ᠡᠩᠬᠡᠲᠤᠤᠯᠠ᠂ ᠲᠠᠮᠢᠷᠴᠢᠨ ᠳᠡᠮᠵᠢᠬᠦ ᠺᠣᠮᠢᠰ ᠤᠨ ᠭᠡᠰᠢᠭᠦᠨ ᠡ᠊ ·ᠮᠥᠩᠬᠡᠪᠣᠯᠣᠳ ᠨᠠᠷ ᠠᠬᠠᠯᠠᠵᠤ ᠶᠠᠪᠤᠪᠠ᠃ ᠵᠠᠯᠠᠭᠤ ᠲᠠᠮᠢᠷᠴᠢᠳ ᠤᠨ ᠠᠶᠠᠯᠠᠯ ᠢ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠬᠤ ᠪᠠᠷ ᠲᠥᠯᠥᠪᠯᠡᠵᠡᠢ᠃