14 ᠳ᠋ᠦ᠋ᠭᠡᠷ ᠵᠠᠭᠤᠨ ᠤ ᠳᠤᠮᠳᠠᠭᠤᠷ ᠡᠸᠦ᠋ᠷᠦᠫᠡ᠂ ᠠᠽᠢᠶ᠎ᠠ᠂ ᠠᠹᠷᠢᠺᠠ ᠲᠢᠢᠪ ᠤᠨ ᠤᠮᠠᠷᠠᠲᠤ ᠬᠡᠰᠡᠭ ᠲᠤ ᠲᠠᠷᠪᠠᠭᠠᠨ ᠲᠠᠬᠤᠯ ᠳᠡᠭᠳᠡᠵᠦ᠂ ᠣᠯᠠᠨ ᠠᠷᠪᠠᠨ ᠰᠠᠶ᠎ᠠ ᠬᠥᠮᠥᠨ ᠤ ᠠᠮᠢ ᠦᠷᠡᠭᠳᠡᠵᠦ ᠪᠠᠶᠢᠭᠰᠠᠨ ᠢ ᠲᠡᠦᠬᠡᠨ ᠳᠤ︽ᠬᠠᠷ᠎ᠠ ᠦᠬᠦᠯ︾ᠭᠡᠵᠦ ᠨᠡᠷᠡᠯᠡᠳᠡᠭ᠃ ᠤᠭ ᠲᠠᠬᠤᠯ ᠤᠨ ᠸᠢᠷᠦ᠋ᠰ ᠢ ᠬᠤᠳᠠᠯᠳᠤᠭᠠᠨ ᠤ ᠵᠠᠮ ᠢᠶᠠᠷ ᠳᠡᠮᠵᠢᠨ ᠳᠣᠷᠣᠨᠠᠲᠤ ᠠᠽᠢᠶ᠎ᠠ ᠠᠴᠠ ᠡᠸᠦ᠋ᠷᠦᠫᠡ ᠲᠢᠪ ᠲᠤ ᠬᠦᠷᠦᠭᠰᠡᠨ ᠭᠡᠵᠦ ᠦᠵᠡᠳᠡᠭ ᠴᠤ ᠶᠠᠭ ᠬᠠᠮᠢᠭ᠎ᠠ ᠠᠴᠠ ᠭᠠᠷᠤᠯ ᠲᠠᠢ ᠶᠢ ᠨᠢ ᠲᠣᠭᠲᠠᠭᠠᠭ᠎ᠠ ᠦᠭᠡᠢ ᠪᠠᠶᠢᠵᠠᠢ᠃ ᠲᠡᠭᠡᠪᠡᠯ ᠣᠯᠠᠨ ᠤᠯᠤᠰ ᠤᠨ ᠬᠡᠰᠡᠭ ᠡᠷᠳᠡᠮᠲᠡᠳ ︽ᠬᠠᠷ᠎ᠠ ᠦᠬᠦᠯ︾ ᠤᠨ ᠡᠬᠢ ᠡᠭᠦᠰᠪᠦᠷᠢ ᠶᠢ ᠲᠣᠭᠲᠠᠭᠠᠵᠤ ᠴᠢᠳᠠᠭᠰᠠᠨ ᠢᠶᠠᠨ ᠥᠴᠥᠭᠡᠳᠦᠷ ᠮᠡᠳᠡᠭᠡᠯᠡᠭᠰᠡᠨ ᠪᠠᠶᠢᠨ᠎ᠡ᠃
︽ ᠪᠢᠳᠡ ᠦᠨᠳᠦᠰᠦᠨ ᠳᠤ ᠪᠠᠨ ᠡᠬᠢ ᠡᠭᠦᠰᠪᠦᠷᠢ ᠶᠢᠨ ᠪᠠᠶᠢᠷᠢᠯᠠᠯ᠂ ᠴᠠᠬ ᠬᠤᠭᠤᠴᠠᠭ᠎ᠠ ᠶᠢ ᠲᠣᠭᠲᠠᠭᠠᠵᠤ ᠴᠢᠳᠠᠭᠰᠠᠨ ᠭᠡᠵᠦ ᠪᠣᠳᠣᠵᠤ ᠪᠠᠶᠢᠨ᠎ᠡ︾ᠭᠡᠵᠦ ᠯᠠᠢᠫᠼᠢᠭ᠌ ᠲᠤ ᠬᠢ ᠮᠠᠺᠰ ᠫᠯᠠᠨᠺ ᠤᠨ ᠨᠡᠷᠡᠮᠵᠢᠲᠦ ᠬᠤᠪᠢᠰᠤᠯ ᠤᠨ ᠠᠨᠲᠷᠣᠫᠣᠯᠣᠭᠢ ᠶᠢᠨ ᠬᠦᠷᠢᠶᠡᠯᠡᠩ ᠤᠨ ᠫᠷᠣᠹᠧᠰᠰᠣᠷ ᠶᠤᠬᠠᠨᠨᠧᠰ ᠺᠷᠠᠤᠽᠸ ᠶᠠᠷᠢᠵᠠᠢ᠃ ᠲᠡᠷᠡ ᠪᠠᠷ ᠵᠠᠯᠭᠠᠭᠠᠳ᠄ ᠪᠢᠳᠡ ᠵᠥᠪᠬᠡᠨ ᠬᠠᠷ᠎ᠠ ᠦᠬᠦᠯ ᠤᠨ ᠡᠬᠢ ᠡᠭᠦᠰᠪᠦᠷᠢ ᠶᠢ ᠲᠣᠭᠲᠠᠭᠠᠭᠠᠳ ᠵᠣᠭᠰᠣᠬᠤ ᠦᠭᠡᠢ᠂ ᠥᠨᠥᠳᠥᠷ ᠳᠡᠯᠡᠬᠡᠢ ᠳᠠᠶᠠᠭᠠᠷ ᠲᠠᠷᠬᠠᠭᠰᠠᠨ ᠪᠠᠶᠢᠭ᠎ᠠ ᠲᠠᠬᠤᠯ ᠤᠨ ᠶᠡᠭᠡᠨᠭᠬᠢ ᠸᠢᠷᠦ᠋ᠰ ᠤᠨ ᠡᠬᠢ ᠡᠭᠦᠰᠪᠦᠷᠢ ᠶᠢ ᠲᠣᠭᠲᠠᠭᠠᠵᠤ ᠴᠢᠳᠠᠯ᠎ᠠ︾ᠭᠡᠵᠦ ᠣᠨᠴᠠᠯᠠᠭᠰᠠᠨ ᠶᠤᠮ᠃
ᠥᠨᠥᠳᠥᠷ ᠤᠨ ᠺᠢᠷᠭᠢᠽᠲ᠋ᠠᠨ ᠤ ᠨᠤᠳᠤᠬ᠂ ᠢᠰᠰᠠᠢᠺ ᠺᠦᠯ ᠨᠠᠭᠤᠷ ᠤᠨ ᠣᠶᠢᠷᠠᠯᠴᠠᠭ᠎ᠠ ᠣᠷᠣᠰᠢᠳᠠᠭ ᠬᠡᠰᠡᠭ ᠪᠤᠯᠠᠰᠢ ᠠᠴᠠ ︽ᠬᠠᠷ᠎ᠠ ᠦᠬᠦᠯ︾ ᠤᠨ ᠡᠬᠢᠯᠡᠯ ᠢ ᠢᠯᠡᠷᠡᠭᠦᠯᠵᠡᠢ᠃ ᠡᠨᠡ ᠭᠠᠵᠠᠷ ᠲᠤ 1248-1345 ᠣᠨ ᠤ ᠬᠤᠭᠤᠷᠦᠡᠳᠦ ᠣᠷᠤᠰᠢᠭᠤᠯᠤᠭᠰᠠᠨ ᠬᠥᠮᠥᠰ ᠤᠨ ᠨᠡᠶᠢᠲᠡ 467 ᠪᠤᠯᠠᠰᠢ ᠢᠯᠡᠷᠡᠭᠦᠯᠦᠭᠰᠡᠨ ᠠᠴᠠ 118 ᠨᠢ 1338-1339 ᠣᠨ ᠤ ᠬᠤᠭᠤᠷᠦᠡᠳᠦ ᠣᠷᠤᠰᠢᠭᠤᠯᠤᠭᠰᠠᠨ ᠪᠠᠶᠢᠨ᠎ᠡ᠃ ᠲᠡᠳᠡᠭᠡᠷ ᠤᠨ ᠪᠤᠯᠠᠰᠢᠨ ᠤ ᠴᠢᠯᠠᠭᠤᠨ ᠳᠡᠭᠡᠷ᠎ᠡ ᠰᠢᠷᠢᠶᠠᠺ ᠬᠡᠯᠡ ᠪᠠᠷ ︽ᠲᠠᠬᠤᠯ︾ᠭᠡᠰᠡᠨ ᠦᠭᠡ ᠶᠢ ᠰᠡᠶᠢᠯᠦᠭᠰᠡᠨ ᠪᠠᠶᠢᠵᠠᠢ᠃ ᠱᠣᠲᠯᠠᠨᠳ᠋ ᠤᠨ ᠰᠲᠷᠢᠯᠢᠩ ᠦᠨ ᠶᠡᠭᠡ ᠰᠤᠷᠭᠠᠭᠤᠯᠢ ᠶᠢᠨ ᠲᠡᠤᠬᠡᠴᠢ᠂ ᠳ᠋ᠣᠺᠲ᠋ᠣᠷ ᠹᠢᠯᠢᠫ ᠰᠯᠠᠸᠢᠨ ᠲᠡᠷᠢᠭᠦᠲᠡᠢ ᠰᠤᠳᠤᠯᠤᠭᠠᠴᠢᠳ ᠪᠤᠯᠠᠰᠢ ᠠᠴᠠ ᠣᠯᠳᠠᠭᠰᠠᠨ ᠵᠠᠷᠢᠮ ᠰᠢᠳᠦᠨ ᠤ ᠦᠯᠡᠳᠡᠭᠳᠡᠯ ᠢ ᠭᠧᠷᠮᠠᠨ ᠤ ᠡᠷᠳᠡᠮᠲᠡᠨ ᠳᠦ ᠢᠯᠡᠭᠡᠵᠦ᠂ ᠭᠧᠨᠧᠲ᠋ᠢᠻ ᠤᠨ ᠰᠢᠨᠵᠢᠯᠡᠭᠡ ᠬᠢᠯᠭᠡᠭᠰᠡᠨ ᠪᠠᠶᠢᠨ᠎ᠡ᠃ ᠲᠡᠭᠡᠭᠰᠡᠨYersinia pestis ᠪᠤᠶᠤ ᠲᠠᠷᠪᠠᠭᠠᠨ ᠲᠠᠬᠤᠯ ᠠᠴᠠ ᠭᠠᠷᠤᠯᠲᠠᠢ ᠪᠠᠺᠲ᠋ᠧᠷᠢ ᠣᠯᠳᠠᠵᠠᠢ᠃ ᠤᠯᠠᠮ ᠢᠶᠠᠷ ᠪᠠᠻᠲ᠋ᠧᠷᠢ ᠶᠢᠨ ᠭᠧᠨᠤᠮ ᠢ ᠪᠦᠷᠢᠠ ᠰᠢᠨᠵᠢᠯᠡᠬᠦ ᠳᠤ ᠡᠨᠡ ᠨᠢ ᠢᠰᠰᠠᠢᠺ ᠺᠦᠯ ᠨᠠᠭᠤᠷ ᠤᠨ ᠣᠶᠢᠷᠠᠯᠴᠠᠭ᠎ᠠ ᠬᠥᠮᠥᠰ ᠲᠠᠬᠤᠯ ᠢᠶᠠᠷ ᠨᠡᠰᠦ ᠪᠠᠷᠠᠭᠰᠠᠨ ᠠᠴᠠ ᠬᠤᠶᠢᠰᠢ ᠨᠠᠢᠮᠠᠨ ᠵᠢᠯ ᠤᠨ ᠳᠠᠷᠠᠭ᠎ᠠ ᠡᠸᠦ᠋ᠷᠦᠫᠡ ᠳᠤ ᠳᠡᠭᠳᠡᠭᠰᠡᠨ ︽ᠬᠠᠷ᠎ᠠ ᠦᠬᠦᠯ︾ ᠲᠠᠢ ᠰᠢᠭᠤᠦᠠ ᠬᠤᠯᠪᠣᠭᠠᠲᠠᠢ ᠶᠢ ᠲᠣᠭᠲᠠᠭᠠᠭᠰᠠᠨ ᠪᠠᠶᠢᠨ᠎ᠡ᠃
1346-1353 ᠣᠨ ᠤ ᠬᠤᠭᠤᠷᠦᠡᠳᠦ ᠳᠡᠭᠳᠡᠭᠰᠡᠨ︽ᠬᠠᠷ᠎ᠠ ᠦᠬᠦᠯ︾ ᠤᠨ ᠦᠶ᠎ᠡ ᠪᠠᠷ ᠡᠸᠦ᠋ᠷᠦᠫᠡ ᠂ ᠠᠽᠢᠶ᠎ᠠ᠂ ᠠᠹᠷᠢᠺᠠ ᠲᠢᠪ ᠦᠨ ᠤᠮᠠᠷᠠᠲᠤ ᠬᠡᠰᠡᠭ ᠤᠨ 75-200 ᠰᠠᠶ᠎ᠠ ᠬᠥᠮᠦᠨ ᠠᠮᠢ ᠦᠷᠡᠭᠳᠡᠭᠰᠡᠨ ᠭᠡᠰᠡᠨ ᠲᠤᠭ᠎ᠠ ᠪᠤᠢ᠃ ᠡᠸᠦ᠋ᠷᠦᠫᠡ ᠲᠢᠪ ᠦᠨ ᠲᠤᠬᠠᠢ ᠶᠢᠨ ᠦᠶ᠎ᠡ ᠶᠢᠨ ᠬᠥᠮᠦᠨ ᠠᠮᠠ ᠶᠢᠨ ᠲᠡᠯ᠎ᠠ ᠨᠢ ᠡᠨᠡ ᠲᠠᠬᠤᠯ ᠢᠶᠠᠷ ᠠᠮᠢ ᠪᠠᠨ ᠠᠯᠳᠠᠵᠤ ᠪᠠᠶᠢᠵᠠᠢ᠃