ᠳᠠᠭᠠᠳᠬᠠᠯ ᠤᠨ ᠬᠤᠷᠢᠶᠠᠮᠵᠢ ᠶᠢᠨ ᠣᠷᠣᠯᠭ᠎ᠠ 2022 ᠣᠨ ᠤ ᠡᠬᠢᠨ ᠤ ᠤᠯᠠᠷᠢᠯ ᠳᠤ 50.5 ᠲᠡᠷᠪᠤᠮ ᠲᠥᠭᠦᠷᠢᠭ ᠲᠤ ᠬᠦᠷᠴᠦ᠂ ᠳᠠᠭᠠᠳᠬᠠᠯ ᠤᠨ ᠨᠥᠬᠦᠨ ᠲᠦᠯᠦᠪᠦᠷᠢ ᠳᠦ 26.4 ᠲᠡᠷᠪᠤᠮ ᠲᠥᠭᠦᠷᠢᠭ ᠣᠯᠭᠤᠭᠰᠠᠨ ᠪᠠᠶᠢᠨ᠎ᠡ᠃ ᠡᠨᠡ ᠨᠢ ᠡᠮᠦᠨᠡᠬᠢ ᠣᠨ ᠤ ᠮᠦᠠ ᠦᠶ᠎ᠡ ᠠᠴᠠ ᠣᠷᠣᠯᠭ᠎ᠠ 11.5 ᠲᠡᠷᠪᠤᠮ ᠲᠥᠭᠦᠷᠢᠭ ᠢᠶᠠᠷ᠂ ᠨᠥᠬᠦᠨ ᠲᠥᠯᠥᠪᠦᠷᠢ 13.9 ᠲᠡᠷᠪᠤᠮ ᠲᠥᠭᠦᠷᠢᠭ ᠢᠶᠠᠷ ᠲᠤᠰ ᠲᠤᠰ ᠥᠰᠦᠭᠰᠡᠨ ᠦᠵᠡᠭᠦᠯᠦᠯᠲᠡ ᠶᠤᠮ᠃
ᠳᠠᠭᠠᠳᠬᠠᠯ ᠤᠨ ᠬᠤᠷᠢᠶᠠᠮᠵᠢ ᠶᠢᠨ ᠨᠡᠶᠢᠲᠡ ᠣᠷᠣᠯᠭ᠎ᠠ ᠶᠢᠨ 25.4 ᠬᠤᠪᠢ ᠶᠢ ᠠᠦ᠋ᠲ᠋ᠣ᠋ ᠲᠡᠭᠡᠭᠡᠪᠦᠷᠢ ᠶᠢᠨ ᠬᠡᠷᠡᠭᠰᠡᠯ ᠤᠨ ᠳᠠᠭᠠᠳᠬᠠᠯ᠂ 17.2 ᠬᠤᠪᠢ ᠶᠢ ᠭᠡᠨᠡᠳᠲᠡ ᠶᠢᠨ ᠣᠰᠣᠯ᠂ ᠡᠮᠴᠢᠯᠡᠭᠡᠨ ᠤ ᠳᠠᠭᠠᠳᠬᠠᠯ᠂ 16.8 ᠬᠤᠪᠢ ᠶᠢ ᠵᠢᠯᠣᠭᠤᠴᠢ ᠶᠢᠨ ᠬᠠᠷᠢᠭᠤᠴᠠᠯᠭ᠎ᠠ ᠶᠢᠨ ᠳᠠᠭᠠᠳᠬᠠᠯ ᠡᠵᠡᠯᠡᠵᠦ ᠪᠠᠶᠢᠨ᠎ᠡ᠃ ᠳᠠᠭᠠᠳᠬᠠᠯ ᠤᠨ ᠨᠡᠶᠢᠲᠡ ᠨᠥᠬᠦᠨ ᠲᠥᠯᠥᠪᠦᠷᠢ ᠶᠢᠨ 32.9 ᠬᠤᠪᠢ ᠶᠢ ᠵᠢᠯᠣᠭᠤᠴᠢ ᠶᠢᠨ ᠬᠠᠷᠢᠭᠤᠴᠠᠯᠭ᠎ᠠ ᠶᠢᠨ ᠳᠠᠭᠠᠳᠬᠠᠯ᠂ 25.1 ᠬᠤᠪᠢ ᠶᠢ ᠠᠦ᠋ᠲ᠋ᠣ᠋ ᠲᠡᠭᠡᠭᠡᠪᠦᠷᠢ ᠶᠢᠨ ᠬᠡᠷᠡᠭᠰᠡᠯ ᠤᠨ ᠳᠠᠭᠠᠳᠬᠠᠯ᠂ 17.6 ᠬᠤᠪᠢ ᠶᠢ ᠬᠥᠷᠦᠩᠭᠡ ᠶᠢᠨ ᠳᠠᠭᠠᠳᠬᠠᠯ ᠡᠵᠡᠯᠡᠵᠦ ᠪᠠᠶᠢᠨ᠎ᠡ ᠭᠡᠵᠦ ᠦᠨᠳᠦᠰᠦᠨ ᠤ ᠰᠲ᠋ᠠᠲ᠋ᠢᠰᠲ᠋ᠢᠺ ᠤᠨ ᠬᠤᠷᠢᠶᠠᠨ ᠠᠴᠠ ᠲᠠᠢᠯᠤᠩᠨᠠᠯᠠ᠃