ᠨᠤᠲᠤᠭ ᠤᠨ 20 ᠣᠷᠴᠢᠮ ᠬᠤᠪᠢ ᠳᠤ ᠨᠤᠭᠤᠭ᠎ᠠ ᠴᠤᠬᠤᠶᠢᠭ᠎ᠠ ᠦᠭᠡᠢ ᠪᠠᠶᠢᠨ᠎ᠠ | News.MN

ᠨᠤᠲᠤᠭ ᠤᠨ 20 ᠣᠷᠴᠢᠮ ᠬᠤᠪᠢ ᠳᠤ ᠨᠤᠭᠤᠭ᠎ᠠ ᠴᠤᠬᠤᠶᠢᠭ᠎ᠠ ᠦᠭᠡᠢ ᠪᠠᠶᠢᠨ᠎ᠠ

ᠴᠠᠭ ᠠᠭᠤᠷ ᠣᠷᠴᠢᠨ ᠤ ᠰᠢᠨᠵᠢᠯᠡᠭᠡᠨ ᠦ ᠭᠠᠵᠠᠷ ᠤᠨ ᠮᠡᠳᠡᠭᠡᠯᠡᠭᠰᠡᠨ ᠢᠶᠡᠷ ᠳᠦᠷᠪᠡᠳᠦᠭᠡᠷ ᠰᠠᠷ᠎ᠠ ᠶᠢᠨ 30  ᠤ ᠪᠠᠶᠢᠳᠠᠯ ᠢᠶᠠᠷ ᠪᠡᠯᠴᠢᠭᠡᠷ ᠦᠨ ᠤᠷᠭᠤᠮᠠᠯ ᠨᠡᠶᠢᠲᠡ ᠨᠤᠲᠤᠭ ᠤᠨ 20 ᠣᠷᠴᠢᠮ ᠬᠤᠪᠢ ᠳᠤ ᠴᠤᠬᠤᠶᠢᠭ᠎ᠠ ᠦᠭᠡᠢ ᠪᠠᠶᠢᠨ᠎ᠠ᠃ ᠲᠣᠳᠣᠷᠠᠭᠤᠯᠪᠠᠯ᠂ ᠬᠣᠪᠳᠣ᠂ ᠵᠠᠪᠬᠠᠨ᠂ ᠠᠷᠤᠬᠠᠩᠭᠠᠢ᠂ ᠥᠪᠦᠷᠬᠠᠩᠭᠠᠢ᠂ ᠳᠤᠮᠳᠠᠭᠤᠪᠢ᠂ ᠭᠤᠪᠢᠰᠦ᠋ᠮᠪᠤᠷ᠂ ᠡᠮᠦᠨᠡᠭᠣᠪᠢ ᠶᠢᠨ ᠶᠡᠬᠡᠩᠬᠢ᠂ ᠪᠠᠶᠠᠨ-ᠥᠯᠥᠭᠡᠢ᠂ ᠤᠪᠰᠤ᠂ ᠭᠣᠪᠢ-ᠠᠯᠲᠠᠢ᠂ ᠪᠠᠶᠠᠨᠬᠣᠩᠭᠣᠷ᠂ ᠬᠥᠪᠰᠥᠭᠥᠯ᠂ ᠲᠥᠪ᠂ ᠳᠣᠷᠣᠨᠠᠭᠣᠪᠢ᠂ ᠰᠦᠬᠡᠪᠠᠭᠠᠲᠤᠷ ᠤᠨ ᠵᠠᠷᠢᠮ ᠨᠤᠲᠤᠭ ᠢᠶᠠᠷ ᠮᠠᠭᠤ ᠪᠤᠶᠤ ᠤᠷᠭᠤᠮᠠᠯ ᠴᠤᠬᠤᠶᠢᠭᠰᠠᠨ ᠪᠣᠯᠪᠠᠴᠤ ᠮᠠᠯ ᠪᠡᠯᠴᠢᠭᠡᠬᠦ ᠪᠣᠯᠤᠮᠵᠢ ᠦᠭᠡᠢ ᠪᠠᠶᠢᠭ᠎ᠠ ᠶᠤᠮ᠃
ᠬᠠᠷᠢᠨ ᠬᠡᠨᠲᠡᠢ᠂ ᠳᠣᠷᠣᠨᠠᠲᠤ᠂ ᠪᠤᠯᠠᠭᠠᠨ᠂ ᠳᠠᠷᠬᠠᠨ-ᠠᠭᠤᠯᠠ ᠶᠢᠨ ᠶᠡᠬᠡᠩᠬᠢ᠂ ᠬᠥᠪᠰᠥᠭᠥᠯ᠂ ᠰᠡᠯᠡᠩᠭᠡ ᠶᠢᠨ ᠵᠠᠷᠢᠮ᠂ ᠤᠪᠰᠤ᠂ ᠲᠥᠪ᠂ ᠡᠮᠦᠨᠡᠭᠣᠪᠢ ᠶᠢᠨ ᠭᠠᠭᠴᠠ ᠨᠢᠭᠡ ᠰᠤᠮᠤᠳ ᠤᠨ ᠨᠤᠲᠤᠭ ᠢᠶᠠᠷ ᠬᠡᠪ ᠦᠨ᠂ ᠤᠪᠰᠤ᠂ ᠭᠣᠪᠢ-ᠠᠯᠲᠠᠢ᠂ ᠬᠥᠪᠰᠥᠭᠥᠯ᠂ ᠥᠪᠦᠷᠬᠠᠩᠭᠠᠢ᠂ ᠣᠷᠬᠣᠨ᠂ ᠰᠡᠯᠡᠩᠭᠡ᠂ ᠲᠥᠪ᠂ ᠡᠮᠦᠨᠡᠭᠣᠪᠢ᠂ ᠰᠦᠬᠡᠪᠠᠭᠠᠲᠤᠷ ᠤᠨ ᠵᠠᠷᠢᠮ᠂ ᠬᠣᠪᠳᠣ᠂ ᠵᠠᠪᠬᠠᠨ᠂ ᠠᠷᠤᠬᠠᠩᠭᠠᠢ ᠶᠢᠨ ᠭᠠᠭᠴᠠ ᠨᠢᠭᠡ ᠰᠤᠮᠤ ᠶᠢᠨ ᠨᠤᠲᠤᠭ ᠢᠶᠠᠷ ᠳᠤᠮᠳᠠ ᠪᠤᠶᠤ ᠤᠷᠭᠤᠮᠠᠯ ᠣᠷᠣᠶᠢᠲᠠᠵᠤ ᠴᠤᠬᠤᠢᠵᠠᠢ᠃

ᠰᠡᠳᠬᠢᠭᠳᠡᠯ ᠦᠯᠡᠳᠡᠭᠡᠬᠦ