ᠵᠡᠮ ᠲᠡᠭᠡᠭᠡᠪᠦᠷᠢ᠂ ᠬᠥᠭᠵᠢᠯ ᠤᠨ ᠰᠠᠶᠢᠳ ᠯ᠊·ᠬᠠᠯᠲᠠᠷ ᠬᠢᠲᠠᠳ ᠤᠨ ᠲᠠᠯ᠎ᠠ ᠳᠤ ᠲᠢᠶᠠᠨᠵᠢᠨ ᠪᠣᠭᠤᠮᠲᠠ ᠶᠢᠨ ᠪᠠᠷᠠᠭᠤᠨ ᠬᠤᠶᠢᠳᠤ ᠲᠡᠯ᠎ᠠ ᠪᠤᠯᠦᠠ ᠪᠠᠷᠠᠭᠤᠨ ᠤᠷᠲᠤ ᠲᠠᠯ᠎ᠠ ᠶᠢᠨ ᠪᠣᠭᠤᠮᠲᠠ ᠨᠤᠭᠤᠳ ᠢᠶᠠᠷ ᠮᠣᠩᠭᠤᠯ ᠤᠷᠤᠭᠤ ᠠᠴᠢᠶ᠎ᠠ ᠭᠠᠷᠭᠠᠬᠤ ᠰᠠᠨᠠᠯ ᠢ ᠲᠠᠯᠪᠢᠵᠠᠢ᠃ ᠲᠢᠶᠠᠨᠵᠢᠨ ᠪᠣᠭᠤᠮᠲᠠ ᠳᠤ ᠣᠳᠤ ᠪᠠᠷ ᠮᠠᠨ ᠤ 5800 ᠴᠢᠩᠭᠡᠯᠢᠭ ᠤᠨ ᠦᠯᠡᠳᠡᠭᠳᠡᠯ ᠲᠠᠢ ᠪᠠᠶᠢᠨ᠎ᠡ᠃ ᠡᠨᠡ ᠲᠤᠬᠠᠢ ᠯ᠊ · ᠬᠠᠯᠲᠠᠷ ᠰᠠᠶᠢᠳ᠄ ᠪᠢᠳᠡ ᠨᠢᠭᠡ ᠪᠣᠭᠤᠮᠲᠠ ᠠᠴᠠ ᠬᠠᠷᠢᠶᠠᠲᠤ ᠪᠠᠶᠢᠨ᠎ᠡ᠃ ᠬᠤᠶᠢᠰᠢᠳᠠ ᠪᠠᠨ ᠲᠢᠶᠠᠨᠵᠢᠨ ᠢ ᠰᠢᠲᠦᠵᠦ ᠠᠮᠢᠳᠤᠷᠠᠮᠠᠷ ᠦᠭᠡᠢ ᠪᠠᠶᠢᠨ᠎ᠡ᠃ ᠭᠠᠳᠠᠭᠠᠳᠤ ᠬᠠᠷᠢᠯᠴᠠᠭᠠᠨ ᠤ ᠶᠠᠮᠤᠨ ᠤᠨ ᠰᠠᠶᠢᠳ ᠬ᠋᠊ ·ᠪᠠᠲᠤᠴᠡᠴᠡᠭ ᠬᠢᠲᠠᠳ ᠤᠨ ᠭᠠᠳᠠᠭᠠᠳᠤ ᠬᠡᠷᠡᠭ ᠤᠨ ᠰᠠᠶᠢᠳ ᠸᠠᠩ ᠢ ᠲᠠᠢ ᠤᠲᠠᠰᠤ ᠪᠠᠷ ᠶᠠᠷᠢᠬᠤ ᠳᠤ ᠪᠠᠨ ᠡᠨᠡ ᠠᠰᠠᠭᠤᠳᠠᠯ ᠢ ᠬᠦᠨᠳᠡᠭᠡᠴᠢ ᠭᠡᠵᠦ ᠪᠢ ᠬᠦᠰᠡᠭᠰᠡᠨ᠃ ᠲᠡᠷᠡ ᠴᠠᠰᠢ ᠪᠠᠨ ᠶᠠᠷᠢᠭᠰᠠᠨ ᠪᠠᠶᠢᠨ᠎ᠡ ᠯᠠᠢ᠃ ᠲᠢᠶᠠᠨᠵᠢᠨ ᠤ ᠪᠠᠷᠠᠭᠤᠨ ᠬᠤᠶᠢᠳᠤ ᠲᠠᠯ᠎ᠠ ᠶᠢᠨ ᠪᠤᠯᠦᠠ ᠪᠠᠷᠠᠭᠤᠨ ᠤᠷᠲᠤ ᠪᠣᠭᠤᠮᠲᠠ ᠨᠤᠭᠤᠳ ᠢ ᠠᠰᠢᠭᠯᠠᠶ᠎ᠠ ᠭᠡᠰᠡᠨ ᠠᠰᠠᠭᠤᠳᠠᠯ ᠦᠨᠳᠦᠰᠦᠨ ᠳᠤ ᠪᠠᠨ ᠰᠢᠢᠳᠦᠭᠳᠡᠵᠦ ᠪᠠᠶᠢᠨ᠎ᠡ ᠭᠡᠪᠡ᠃
ᠬᠢᠲᠠᠳ ᠤᠨ ᠲᠠᠯ᠎ᠠ ᠳᠤ ᠭᠤᠷᠪᠠᠨ ᠰᠠᠨᠠᠯ ᠢ ᠭᠠᠳᠠᠭᠠᠳᠤ ᠬᠠᠷᠢᠯᠴᠠᠭᠠᠨ ᠤ ᠶᠠᠮᠤᠨ ᠢᠶᠠᠷ ᠳᠠᠮᠵᠢᠭᠤᠯᠵᠤ ᠳ᠋ᠢᠫᠯᠤᠮᠠᠲ ᠱᠤᠭᠤᠮ ᠢᠶᠠᠷ ᠲᠠᠯᠪᠢᠭᠰᠠᠨ᠄ ᠨᠢᠭᠡ ᠳᠦ᠂ ᠬᠠᠭᠤᠴᠢᠠ ᠰᠾᠧᠮ ᠢ ᠰᠡᠷᠭᠦᠭᠡᠨ᠂ 70-100 ᠮᠣᠩᠭᠤᠯ ᠵᠢᠯᠣᠭᠤᠴᠢ ᠶᠢ ᠡᠷᠢᠶᠡᠨ ᠤᠷᠤᠭᠤ ᠭᠠᠷᠭᠠᠵᠤ᠂ ᠳᠤᠮᠳᠠ ᠶᠢᠨ ᠪᠦᠰᠡ ᠠᠴᠠ ᠠᠦ᠋ᠲ᠋ᠣ᠋ ᠮᠠᠰᠢᠨ ᠨᠤᠭᠤᠳ ᠢ ᠲᠠᠲᠠᠵᠤ ᠦᠭᠬᠦ᠃ 2. ᠨᠣᠭᠤᠭᠠᠨ ᠺᠠᠷᠲ ᠤᠨ ᠰᠢᠰᠲ᠋ᠧᠮ ᠢ ᠦᠷᠭᠦᠯᠵᠢᠯᠡᠭᠦᠯᠵᠦ᠂ ᠲᠣᠳᠤᠷᠬᠠᠶ ᠮᠠᠷᠱᠷᠦ᠋ᠲ ᠭᠠᠷᠭᠠᠨ᠂ ᠮᠣᠩᠭᠤᠯ ᠵᠢᠯᠤᠭᠤᠴᠢ ᠨᠠᠷ ᠢ ᠬᠢᠲᠠᠳ ᠤᠨ ᠭᠠᠶᠢᠯᠢ ᠶᠢᠨ ᠲᠠᠯᠠᠪᠠᠢ ᠬᠦᠷᠳᠡᠯ᠎ᠠ ᠶᠠᠪᠤᠭᠤᠯᠵᠤ᠂ ᠵᠠᠳᠠᠭᠠᠢ ᠲᠡᠭᠡᠭᠡᠪᠦᠷᠢ ᠳᠤ ᠣᠷᠣᠭᠤᠯᠬᠤ ᠶᠢ ᠰᠢᠢᠳᠴᠤ ᠦᠭᠬᠦ᠂ ᠬᠢᠯᠢ ᠶᠢᠨ ᠲᠡᠭ ᠴᠡᠭ ᠳᠡᠭᠡᠷ᠎ᠡ ᠴᠢᠩᠭᠡᠯᠢᠭ ᠲᠡᠭᠡᠭᠡᠪᠦᠷᠢ ᠶᠢᠨ ᠬᠠᠵᠠᠭᠤ ᠪᠠᠷ ᠠᠦ᠋ᠲ᠋ᠣ᠋ ᠮᠠᠰᠢᠨ ᠣᠷᠣᠭᠤᠯᠵᠤ᠂ ᠦᠷᠲᠡᠭᠡᠴᠢᠯᠡᠭᠰᠡᠨ ᠪᠠᠶᠢᠳᠠᠯ ᠢᠶᠠᠷ ᠵᠠᠳᠠᠭᠠᠢ ᠲᠡᠭᠡᠭᠡᠪᠦᠷᠢ ᠶᠠᠪᠤᠭᠤᠯᠬᠤ ᠰᠠᠨᠠᠯ ᠢᠶᠠᠨ ᠤᠯᠠᠮᠵᠢᠯᠠᠭᠰᠠᠨ ᠠᠵᠠᠢ᠃