ᠮᠣᠩᠭᠤᠯ ᠤᠯᠤᠰ 2022 ᠣᠨ ᠤ ᠡᠬᠢᠨ ᠤ ᠤᠯᠠᠷᠢᠯ ᠳᠤ ᠨᠡᠶᠢᠲᠡ 126 ᠤᠯᠤᠰ ᠲᠠᠢ ᠬᠤᠳᠠᠯᠳᠤᠭ᠎ᠠ ᠬᠢᠵᠦ᠂ ᠭᠠᠳᠠᠭᠠᠳᠤ ᠬᠤᠳᠠᠯᠳᠤᠭᠠᠨ ᠤ ᠨᠡᠶᠢᠲᠡ ᠪᠠᠷᠠᠭ᠎ᠠ ᠡᠷᠭᠢᠯᠲᠡ 3.6 ᠲᠡᠷᠪᠤᠮ ᠠᠮᠧᠷᠢᠺᠡ ᠳ᠋ᠣᠯᠯᠠᠷ ᠪᠣᠯᠣᠭᠰᠠᠨ ᠪᠣᠯ ᠡᠺᠰᠫᠣᠷᠲ 1.9 ᠲᠡᠷᠪᠤᠮ ᠳ᠋ᠣᠯᠯᠠᠷ᠂ ᠢᠮᠫᠣᠷᠲ 1.7 ᠲᠡᠷᠪᠤᠮ ᠳ᠋ᠣᠯᠯᠠᠷ ᠪᠠᠶᠢᠨ᠎ᠡ᠃ ᠡᠺᠰᠫᠣᠷᠲ 2022 ᠣᠨ ᠤ ᠡᠬᠢᠨ ᠤ ᠤᠯᠠᠷᠢᠯ ᠳᠤ ᠡᠮᠦᠨᠡᠬᠢ ᠣᠨ ᠤ ᠮᠦᠠ ᠦᠶ᠎ᠡ ᠠᠴᠠ 58.3 ᠰᠠᠶ᠎ᠠ ᠳ᠋ᠣᠯᠯᠠᠷ ᠢᠶᠠᠷ ᠪᠠᠭᠤᠷᠠᠬᠤ ᠳᠤ ᠨᠡᠭᠦᠷᠡᠰᠦᠨ ᠤ ᠡᠺᠰᠫᠣᠷᠲ 16.7 ᠰᠠᠶ᠎ᠠ ᠳ᠋ᠣᠯᠯᠠᠷ ᠢᠶᠠᠷ ᠪᠠᠭᠠᠰᠤᠭᠰᠠᠨ ᠦᠵᠡᠭᠦᠯᠦᠯᠲᠡ ᠨᠢ ᠭᠤᠣᠯᠯᠠᠨ ᠨᠥᠯᠥᠭᠡᠯᠡᠵᠡᠢ᠃
ᠡᠺᠰᠫᠣᠷᠲ ᠤᠨ 97.3 ᠬᠤᠪᠢ ᠶᠢ ᠡᠷᠦᠳᠡᠰᠦ ᠪᠦᠲᠦᠭᠡᠭᠳᠡᠬᠦᠨ᠂ ᠦᠨᠡᠲᠦ ᠴᠢᠯᠠᠭᠤ᠂ ᠮᠧᠲ᠋ᠠᠯ᠂ ᠭᠤᠶᠣᠯᠠᠯ ᠤᠨ ᠵᠦᠢᠯᠡᠰ ᠪᠤᠯᠦᠠ ᠨᠡᠬᠡᠮᠡᠯ ᠪᠦᠲᠦᠭᠡᠭᠳᠡᠬᠦᠨ ᠡᠵᠡᠯᠡᠵᠦ ᠪᠠᠶᠢᠨ᠎ᠡ᠃ ᠬᠢᠲᠠᠳ ᠲᠤ ᠡᠺᠰᠫᠣᠷᠲᠯᠠᠭᠰᠠᠨ ᠪᠠᠷᠠᠭ᠎ᠠ ᠪᠦᠲᠦᠭᠡᠭᠳᠡᠬᠦᠨ ᠤ 46.5 ᠬᠤᠪᠢ ᠶᠢ ᠵᠡᠰ ᠤᠨ ᠪᠠᠶᠠᠵᠢᠮᠠᠯ᠂ 41.0 ᠬᠤᠪᠢ ᠶᠢ ᠴᠢᠯᠠᠭᠤᠨ ᠨᠡᠭᠦᠷᠡᠰᠦ ᠡᠵᠡᠯᠡᠵᠦ ᠪᠠᠶᠢᠨ᠎ᠡ᠃ ᠬᠠᠷᠢᠨ ᠰᠸᠢᠰ ᠤᠯᠤᠰ ᠲᠤ ᠡᠺᠰᠫᠣᠷᠲᠯᠠᠭᠰᠠᠨ ᠪᠠᠷᠠᠭᠠᠨ ᠤ 99.8 ᠬᠤᠪᠢ ᠶᠢ ᠠᠯᠳᠠ ᠪᠦᠷᠢᠳᠦᠭᠦᠯᠵᠦ ᠪᠠᠶᠢᠭ᠎ᠠ ᠶᠤᠮ᠃