2022 ᠣᠨ ᠳᠤ ᠮᠠᠵᠠᠭᠠᠯᠠᠶ ᠪᠠᠭᠠᠪᠠᠭᠠᠢ ᠶᠢᠨ ᠲᠤᠭ᠎ᠠ 50 ᠪᠣᠯᠵᠤ ᠨᠡᠮᠡᠭᠳᠡᠭᠰᠡᠨ ᠲᠤᠬᠠᠶ ᠡᠺᠤᠯᠤᠭᠢ ᠶᠢᠨ ᠴᠠᠭᠳᠠᠭ᠎ᠠ ᠶᠢᠨ ᠠᠯᠪᠠᠨ ᠠᠴᠠ ᠮᠡᠳᠡᠭᠡᠯᠡᠯ᠎ᠡ᠃ 2016 ᠣᠨ ᠤ ᠲᠣᠭᠠᠯᠠᠯᠭ᠎ᠠ ᠪᠠᠷ ᠮᠠᠵᠠᠭᠠᠯᠠᠢ ᠶᠢᠨ ᠲᠤᠭ᠎ᠠ 22 ᠪᠠᠶᠢᠭᠰᠠᠨ ᠪᠣᠯ᠂ 2018 ᠣᠨ ᠳᠤ 36 ᠪᠣᠯᠵᠤ ᠨᠡᠮᠡᠭᠳᠡᠭᠰᠡᠨ ᠲᠤᠬᠠᠶ ᠰᠢᠨᠵᠢᠯᠡᠬᠦ ᠤᠬᠠᠭᠠᠨ ᠤ ᠠᠻᠠᠳᠧᠮᠢ ᠶᠢᠨ ᠶᠡᠷᠦᠩᠬᠡᠶ ᠪᠤᠯᠦᠠ ᠰᠣᠷᠢᠯ ᠤᠨ ᠪᠢᠣᠯᠣᠭᠢ ᠶᠢᠨ ᠬᠦᠷᠢᠶᠡᠯᠡᠩ ᠠᠴᠠ ᠮᠡᠳᠡᠭᠡᠯᠡᠵᠦ ᠪᠠᠶᠢᠭᠰᠠᠨ ᠶᠤᠮ᠃
ᠨᠡᠰᠦ ᠪᠡᠶ᠎ᠠ ᠭᠦᠢᠴᠡᠭᠰᠡᠨ ᠡᠷ᠎ᠡ ᠮᠠᠵᠠᠭᠠᠯᠠᠢ ᠶᠢ ᠱᠢᠷᠮᠠᠬᠠᠢ᠂ ᠡᠮ᠎ᠡ ᠶᠢ ᠨᠢ ᠡᠪᠰᠢ ᠭᠡᠵᠦ ᠨᠡᠷᠡᠯᠡᠳᠡᠭ ᠪᠥᠭᠡᠳ ᠡᠪᠰᠢ ᠶᠢᠨ ᠡᠵᠡᠮᠰᠢᠯ ᠨᠤᠲᠤᠭ ᠤᠨ ᠭᠡᠮᠵᠢᠶ᠎ᠠ 514 ᠲᠡᠭᠰᠢ ᠳᠦᠷᠪᠡᠯᠵᠢᠨ ᠻᠢᠯᠣᠮᠧᠲᠷ ᠪᠠᠶᠢᠳᠠᠭ ᠪᠣᠯ ᠱᠢᠷᠮᠠᠬᠠᠢ ᠶᠢᠨ ᠡᠵᠡᠮᠰᠢᠯ ᠨᠤᠳᠤᠬ 2465-2485 ᠲᠡᠭᠰᠢ ᠳᠦᠷᠪᠡᠯᠵᠢᠨ ᠻᠢᠯᠣᠮᠧᠲᠷ ᠬᠦᠷᠳᠡᠭ ᠪᠠᠶᠢᠨ᠎ᠡ᠃ ᠮᠠᠵᠠᠭᠠᠯᠠᠶ ᠨᠢ ᠭᠤᠪᠢ ᠴᠥᠯ ᠳᠤ ᠠᠮᠢᠳᠤᠷᠠᠳᠠᠭ ᠳᠡᠯᠡᠬᠡᠢ ᠶᠢᠨ ᠴᠣᠷ ᠤᠨ ᠭᠠᠭᠴᠠ ᠪᠠᠭᠠᠪᠠᠭᠠᠢ ᠪᠥᠭᠡᠳ ᠵᠥᠪᠬᠡᠨ ᠮᠣᠩᠭᠣᠯ ᠤᠨ ᠭᠤᠪᠢ ᠳᠤ ᠪᠠᠶᠢᠳᠠᠭ ᠢᠶᠠᠷ ᠢᠶᠠᠨ ᠣᠨᠴᠠᠯᠢᠭ ᠲᠠᠢ᠃