2021 ᠣᠨ ᠤ ᠪᠠᠶᠢᠳᠠᠯ ᠢᠶᠠᠷ ᠲᠥᠯᠥᠪᠦᠷᠢ ᠶᠢᠨ ᠲᠡᠩᠴᠡᠯ 220 ᠰᠠᠶ᠎ᠠ ᠳ᠋ᠣᠯᠯᠠᠷ ᠤᠨ ᠠᠯᠳᠠᠭᠳᠠᠯ ᠲᠠᠢ ᠭᠠᠷᠤᠭᠰᠠᠨ᠃ ᠡᠨᠡ ᠣᠨ ᠤ ᠭᠤᠷᠪᠠᠨ ᠰᠠᠷ᠎ᠠ ᠶᠢᠨ ᠪᠠᠶᠢᠳᠠᠯ ᠢᠶᠠᠷ ᠲᠥᠯᠥᠪᠦᠷᠢ ᠶᠢᠨ ᠲᠡᠩᠴᠡᠯ ᠦᠨ ᠠᠯᠳᠠᠭᠳᠠᠯ 500 ᠰᠠᠶ᠎ᠠ ᠳ᠋ᠣᠯᠯᠠᠷ ᠳᠠᠪᠠᠭᠠᠳ ᠪᠠᠶᠢᠨ᠎ᠠ᠃ ᠮᠣᠩᠭᠣᠯ ᠪᠠᠩᠭᠢᠨ ᠤ ᠵᠠᠷᠯᠠᠭᠰᠠᠨ ᠳ᠋ᠣᠯᠯᠠᠷ ᠤᠨ ᠬᠠᠩᠰᠢ ᠥᠨᠥᠳᠥᠷ ᠦᠨ ᠪᠠᠶᠢᠳᠠᠯ ᠢᠶᠠᠷ 2910 ᠲᠥᠭᠥᠷᠢᠭ ᠪᠠᠶᠢᠨ᠎ᠠ᠃ ᠣᠷᠣᠰ ᠦᠺᠷᠠᠶᠢᠨ ᠤᠷᠤᠭᠤ ᠳᠣᠪᠲᠣᠯᠵᠤ᠂ ᠳᠠᠶᠢᠨ ᠡᠬᠢᠯᠡᠭᠦᠯᠦᠭᠰᠡᠨ ᠦ ᠳᠠᠷᠠᠭ᠎ᠠ ᠲᠥᠭᠥᠷᠢᠭ ᠦᠨ ᠬᠠᠩᠰᠢ ᠳ᠋ᠣᠯᠯᠠᠷ ᠤᠨ ᠡᠰᠡᠷᠭᠦ ᠰᠤᠯᠠᠷᠠᠭᠰᠠᠭᠠᠷ ᠪᠠᠶᠢᠨ᠎ᠠ᠃
ᠨᠢᠭᠡᠳᠦᠭᠡᠷ ᠰᠠᠷ᠎ᠠ ᠶᠢᠨ ᠪᠠᠶᠢᠳᠠᠯ ᠢᠶᠠᠷ ᠮᠠᠨ ᠤ ᠤᠯᠤᠰ ᠤᠨ ᠭᠠᠳᠠᠭᠠᠳᠤ ᠸᠠᠯᠢᠶᠤᠲ ᠤᠨ ᠠᠯᠪᠠᠨ ᠨᠥᠭᠡᠴᠡ 3.9 ᠲᠡᠷᠪᠤᠮ ᠳ᠋ᠣᠯᠯᠠᠷ ᠪᠠᠶᠢᠨ᠎ᠠ᠃ ᠬᠠᠷᠢᠨ 2021 ᠣᠨ ᠤ ᠠᠷᠪᠠᠨ ᠬᠣᠶᠠᠳᠤᠭᠠᠷ ᠰᠠᠷ᠎ᠠ ᠳᠤ ᠡᠨᠡ ᠦᠵᠡᠭᠦᠯᠦᠯᠲᠡ 4.3 ᠲᠡᠷᠪᠤᠮ ᠳ᠋ᠣᠯᠯᠠᠷ ᠪᠠᠶᠢᠭᠰᠠᠨ᠃ 3.9 ᠲᠡᠷᠪᠤᠮ ᠳ᠋ᠣᠯᠯᠠᠷ ᠨᠢ 2021 ᠣᠨ ᠤ ᠡᠬᠢᠨ ᠡᠴᠡ ᠬᠣᠶᠢᠰᠢᠬᠢ ᠬᠠᠮᠤᠭ ᠤᠨ ᠪᠠᠭ᠎ᠠ ᠳ᠋ᠦᠩ ᠶᠤᠮ᠃ ᠲᠥᠪ ᠪᠠᠩᠬᠢ ᠳ᠋ᠣᠯᠯᠠᠷ ᠬᠡᠪᠯᠡᠳᠡᠭ ᠦᠭᠡᠢ ᠤᠴᠢᠷ ᠬᠡᠳᠦ ᠬᠡᠳᠦᠨ ᠰᠢᠯᠲᠠᠭᠠᠨ ᠤ ᠤᠯᠠᠮ ᠠᠴᠠ ᠳ᠋ᠣᠯᠯᠠᠷ ᠤᠨ ᠨᠥᠭᠡᠴᠡ ᠪᠠᠭᠠᠰᠤᠭᠰᠠᠨ᠃
ᠡᠺᠰᠫᠣᠷᠲ ᠠᠴᠠ ᠳᠠᠪᠠᠭᠰᠠᠨ ᠢᠮᠫᠣᠷᠲ ᠲᠠᠢ ᠪᠠᠶᠢᠨ᠎ᠠ᠃ ᠤᠷᠢᠳᠤ ᠬᠥᠷᠰᠢ ᠺᠤᠸᠢᠳ᠋ 19 ᠬᠠᠯᠳᠠᠪᠤᠷᠢ ᠶᠢᠨ ᠤᠯᠠᠮ ᠠᠴᠠ ᠬᠥᠯ ᠬᠣᠷᠢᠭ᠎ᠠ ᠲᠣᠭᠲᠠᠭᠠᠭᠠᠳ᠂ ᠥᠩᠭᠡᠷᠡᠭᠰᠡᠨ ᠲᠠᠪᠤᠳᠤᠭᠠᠷ ᠰᠠᠷ᠎ᠠ ᠠᠴᠠ ᠡᠬᠢᠯᠡᠭᠡᠳ ᠪᠢᠳᠡ ᠨᠡᠭᠦᠷᠡᠰᠦ ᠪᠡᠨ ᠭᠠᠷᠭᠠᠵᠤ ᠴᠢᠳᠠᠬᠤ ᠦᠭᠡᠢ ᠪᠤᠯᠤᠭᠰᠠᠨ᠃ ᠢᠩᠭᠢᠭᠰᠡᠨ ᠢᠶᠡᠷ ᠲᠥᠯᠥᠪᠦᠷᠢ ᠶᠢᠨ ᠲᠡᠩᠴᠡᠯ ᠠᠯᠳᠠᠭᠳᠠᠯ ᠲᠠᠢ ᠭᠠᠷᠴᠤ ᠡᠬᠢᠯᠡᠵᠦ ᠪᠠᠶᠢᠨ᠎ᠠ᠃