ᠵᠠᠰᠠᠭ ᠤᠨ ᠭᠠᠵᠠᠷ ᠤᠨ ᠥᠨᠥᠳᠥᠷ ᠤᠨ ᠡᠭᠡᠯᠵᠢᠲᠦ ᠬᠤᠷᠠᠯᠳᠤᠭᠠᠨ ᠬᠠᠭᠠᠯᠲᠠᠲᠠᠢ ᠭᠤᠷᠢᠮ ᠳᠤ ᠰᠢᠯᠵᠢᠵᠦ᠂ ᠦᠻᠷᠠᠶᠢᠨ ᠤᠯᠤᠰ ᠲᠤ ᠥᠷᠨᠢᠵᠦ ᠪᠠᠶᠢᠭ᠎ᠠ ᠨᠥᠬᠦᠴᠡᠯ ᠪᠠᠶᠢᠳᠠᠯ ᠲᠠᠢ ᠬᠤᠯᠪᠤᠭᠳᠠᠭᠤᠯᠤᠨ ᠮᠣᠩᠭᠤᠯ ᠤᠯᠤᠰ ᠤᠨ ᠡᠳ᠋ ᠤᠨ ᠵᠠᠰᠠᠭ ᠲᠤ ᠦᠵᠡᠭᠦᠯᠬᠦ ᠰᠥᠷᠭᠦ ᠨᠥᠯᠥᠭᠡᠯᠡᠯ ᠢ ᠰᠤᠳᠤᠯᠵᠤ᠂ ᠮᠡᠷᠭᠡᠵᠢᠯ ᠤᠨ ᠰᠠᠨᠠᠯ ᠳ᠋ᠦᠩᠨᠡᠯᠲᠡ ᠭᠠᠷᠭᠠᠬᠤ ᠠᠵᠢᠯ ᠤᠨ ᠪᠠᠭ ᠪᠠᠶᠢᠭᠤᠯᠪᠠ᠃ ᠡᠨᠡ ᠲᠠᠯ᠎ᠠ ᠪᠠᠷ ᠭᠠᠳᠠᠭᠠᠳᠤ ᠬᠠᠷᠢᠯᠴᠠᠭᠠᠨ ᠤ ᠰᠠᠶᠢᠳ ᠪ ∙ ᠪᠠᠲᠤᠴᠡᠴᠡᠭ᠄ ᠤᠷᠦᠰ᠂ ᠦᠻᠷᠠᠶᠢᠨ ᠤ ᠵᠡᠪᠰᠡᠭᠲᠦ ᠮᠥᠷᠭᠦᠯᠳᠦᠭᠡᠨ ᠠᠴᠠ ᠡᠭᠦᠰᠬᠦ ᠡᠳ᠋ ᠤᠨ ᠵᠠᠰᠠᠭ ᠤᠨ ᠡᠷᠡᠰᠳᠡᠯ ᠳᠤ ᠮᠣᠩᠭᠤᠯ ᠤᠯᠤᠰ ᠪᠡᠯᠡᠨ ᠪᠠᠶᠢᠳᠠᠯ ᠢᠶᠠᠨ ᠰᠢᠯᠭᠠᠵᠤ᠂ ᠲᠣᠳᠤᠷᠬᠠᠶ ᠠᠷᠭ᠎ᠠ ᠬᠡᠮᠵᠢᠶ᠎ᠡ ᠶᠢ ᠲᠥᠯᠥᠪᠯᠡᠬᠦ ᠢᠶᠠᠷ ᠳᠡᠭᠡᠷᠡᠬᠢ ᠠᠵᠢᠯ ᠤᠨ ᠪᠠᠭ ᠢ ᠪᠠᠶᠢᠭᠤᠯᠤᠭᠰᠠᠨ ᠪᠥᠭᠡᠳ ᠮᠢᠨᠦ ᠪᠡᠶ᠎ᠠ ᠠᠬᠠᠯᠠᠵᠤ ᠪᠠᠶᠢᠭ᠎ᠠ᠃ ᠦᠨᠳᠦᠰᠦᠨ ᠦ ᠠᠶᠤᠯᠭᠦᠢ ᠪᠠᠢᠳᠠᠯ ᠤᠨ ᠵᠦᠪᠯᠡᠯ ᠳᠦ ᠲᠠᠨᠢᠯᠴᠠᠭᠤᠯᠬᠤ ᠪᠠᠷ ᠲᠥᠯᠥᠪᠯᠡᠵᠦ ᠪᠠᠶᠢᠨ᠎ᠡ ᠭᠡᠪᠡ᠃
ᠵᠡᠪᠰᠡᠭᠲᠦ ᠮᠥᠷᠭᠦᠯᠳᠦᠭᠡᠨ ᠬᠡᠷᠬᠢᠨ ᠥᠷᠨᠢᠬᠦ ᠲᠤᠬᠠᠢ ᠣᠯᠠᠨ ᠲᠠᠭᠠᠮᠠᠭᠯᠠᠯ ᠪᠠᠶᠢᠭ᠎ᠠ ᠪᠥᠭᠡᠳ ᠴᠠᠭ ᠤᠨ ᠪᠠᠶᠢᠳᠠᠯ ᠲᠠᠢ ᠬᠤᠯᠪᠤᠭᠳᠠᠭᠤᠯᠤᠨ ᠰᠠᠯᠪᠤᠷᠢ ᠪᠦᠷᠢ ᠳᠤ ᠭᠠᠷᠭᠠᠭᠰᠠᠨ ᠰᠤᠳᠤᠯᠭ᠎ᠠ᠂ ᠮᠡᠳᠡᠭᠡᠯᠡᠯ ᠢ ᠵᠠᠰᠠᠭ ᠤᠨ ᠭᠠᠵᠠᠷ ᠤᠨ ᠬᠤᠷᠠᠯᠳᠤᠭᠠᠨ ᠳᠤ ᠲᠠᠨᠢᠯᠴᠠᠭᠤᠯᠵᠠᠢ᠃