ᠲᠥᠷᠦ ᠶᠢᠨ ᠣᠷᠳᠣᠨ ᠳᠤ ᠦᠨᠳᠦᠰᠦᠨ ᠤ ᠰᠫᠣᠷᠲ ᠤᠨ ᠠᠩᠬᠠᠳᠤᠭᠠᠷ ᠶᠡᠭᠡ ᠴᠢᠭᠤᠯᠭᠠᠨ ᠡᠬᠢᠯᠡᠯ᠎ᠡ᠃ ᠴᠢᠭᠤᠯᠭᠠᠨ ᠢ ᠨᠡᠭᠡᠭᠡᠵᠦ ᠮᠣᠩᠭᠤᠯ ᠤᠯᠤᠰ ᠤᠨ ᠶᠡᠷᠦᠩᠬᠡᠶᠢᠯᠡᠭᠴᠢ ᠤ᠊ ·ᠬᠦᠷᠡᠯᠰᠦ᠋ᠬᠡ ᠦᠭᠡ ᠬᠡᠯᠡᠭᠰᠡᠨ ᠶᠤᠮ᠃ ᠲᠡᠷᠡ ᠪᠠᠷ᠄ ᠦᠨᠳᠦᠰᠦᠨ ᠤ ᠰᠫᠣᠷᠲ ᠤᠨ ᠬᠤᠷᠢᠶᠠᠳ ᠮᠣᠩᠭᠤᠯ ᠣᠷᠣᠨ ᠤ ᠦᠡᠴᠦᠭ ᠪᠤᠯᠤᠩ ᠪᠦᠷᠢ ᠡᠴᠡ ᠬᠤᠷᠠᠨ ᠴᠢᠭᠤᠯᠵᠤ ᠂ ᠠᠩᠬᠠᠳᠤᠭᠠᠷ ᠴᠢᠭᠤᠯᠭᠠᠨ ᠢᠶᠠᠨ ᠵᠣᠬᠢᠶᠠᠨ ᠪᠠᠶᠢᠭᠤᠯᠵᠤ ᠪᠠᠢᠭ᠎ᠠ ᠳᠤ ᠲᠥᠷᠦ ᠶᠢᠨ ᠲᠡᠷᠢᠬᠦᠠ ᠪᠡᠶᠡᠷ ᠬᠦᠷᠭᠡᠵᠦ᠂ ᠲᠠᠯᠠᠷᠬᠠᠯ ᠳᠡᠪᠰᠢᠭᠦᠯᠵᠦ ᠪᠠᠶᠢᠨ᠎ᠡ᠃ ᠦᠨᠳᠦᠰᠦᠨ ᠤ ᠰᠫᠣᠷᠲ ᠤᠨ ᠬᠤᠷᠢᠶᠠᠳ ᠨᠢᠭᠡᠳᠦᠨ ᠨᠡᠶᠢᠯᠡᠵᠦ᠂ ᠡᠪ ᠨᠢᠭᠡᠳᠦᠯ ᠢ ᠦᠯᠢᠭᠡᠷᠯᠡᠨ ᠮᠠᠩᠯᠠᠶᠢᠯᠠᠵᠤ᠂ ᠨᠢᠭᠡᠨ ᠵᠣᠷᠢᠯᠭ᠎ᠠ ᠶᠢᠨ ᠳᠤᠤᠷ᠎ᠠ ᠬᠠᠮᠲᠤ ᠳᠤ ᠪᠠᠨ ᠦᠨᠳᠦᠰᠦᠨ ᠤ ᠶᠡᠭᠡ ᠰᠫᠤᠷᠲ ᠢᠶᠠᠨ ᠠᠷᠡᠦᠠ ᠲᠦᠮᠡᠨ ᠳᠡᠭᠡᠨ ᠲᠦᠭᠡᠭᠡᠨ ᠳᠡᠯᠭᠡᠷᠡᠭᠦᠯᠬᠦ᠂ ᠥᠪᠯᠡᠭᠦᠯᠤᠨ ᠤᠯᠠᠮᠵᠢᠯᠠᠭᠤᠯᠬᠤ᠂ ᠳᠡᠯᠡᠬᠡᠢ ᠶᠢᠷᠲᠢᠨᠴᠦ ᠳᠤ ᠰᠤᠷᠲᠠᠯᠴᠢᠯᠠᠨ ᠲᠡᠨᠢᠯᠴᠡᠭᠤᠯᠬᠤ ᠵᠣᠷᠢᠯᠭ᠎ᠠ ᠪᠠᠷ ᠮᠣᠩᠭᠣᠯ ᠤᠨ ᠦᠨᠳᠦᠰᠦᠨ ᠤ ᠰᠫᠣᠷᠲ ᠤᠨ ᠬᠤᠷᠢᠶ᠎ᠠ ᠶᠢ ᠡᠭᠦᠰᠬᠡᠨ ᠪᠠᠶᠢᠭᠤᠯᠵᠤ᠂ ᠦᠶᠯᠡ ᠠᠵᠢᠯᠯᠠᠭ᠎ᠠ ᠪᠠᠨ ᠡᠬᠢᠯᠡᠭᠦᠯᠦᠭᠰᠡᠨ ᠢ ᠲᠥᠷᠦ ᠶᠢᠨ ᠲᠡᠷᠢᠬᠦᠠ ᠳᠡᠮᠵᠢᠵᠦ ᠡᠨᠡ ᠬᠦ ᠴᠢᠭᠤᠯᠭᠠᠨ ᠢ ᠶᠡᠷᠦᠩᠬᠡᠶᠢᠯᠡᠭᠴᠢ ᠶᠢᠨ ᠢᠪᠡᠭᠡᠯ ᠳ᠋ᠤᠷ ᠵᠣᠬᠢᠶᠠᠨ ᠪᠠᠶᠢᠭᠤᠯᠵᠤ ᠪᠠᠶᠢᠨ᠎ᠡ᠃
6000 ᠵᠢᠯ ᠤᠨ ᠲᠡᠷᠲᠡᠭᠡᠬᠢ ᠬᠠᠳᠠᠨ ᠤ ᠵᠢᠷᠤᠭ ᠲᠤ ᠪᠥᠬᠡ ᠶᠢᠨ ᠪᠠᠷᠢᠯᠳᠤᠭᠠᠨ᠂ ᠮᠣᠷᠢᠨ ᠤ ᠤᠷᠤᠯᠳᠤᠭᠠᠨ ᠢ ᠵᠢᠷᠤᠵᠤ ᠳᠦᠷᠰᠦᠯᠡᠭᠰᠡᠨ ᠪᠠᠶᠢᠳᠠᠭ᠃
ᠮᠣᠩᠭᠤᠯᠴᠤᠳ ᠪᠢᠳᠡᠨ ᠤ ᠠᠩᠬᠠᠨ ᠤ ᠲᠥᠷᠥᠲᠦ ᠤᠯᠤᠰ ᠾᠦᠩᠨᠤ ᠭᠦᠷᠦᠨ ᠤ ᠦᠶ᠎ᠡ ᠳᠤ ᠪᠥᠬᠡ ᠪᠠᠷᠢᠯᠳᠤᠵᠤ᠂ ᠮᠣᠷᠢ ᠤᠷᠤᠯᠳᠤᠵᠤ ᠪᠠᠶᠢᠭᠰᠠᠨ ᠲᠡᠦᠬᠡᠨ ᠪᠠᠷᠢᠮᠲᠠ ᠪᠠᠶᠢᠳᠠᠭ ᠨᠢ ᠮᠣᠩᠭᠤᠯᠴᠤᠳ ᠪᠢᠳᠡᠨ ᠤ ᠲᠡᠦᠬᠡᠨ ᠥᠪ ᠰᠤᠶᠦᠯ- ᠡᠷ᠎ᠡ ᠶᠢᠨ ᠭᠤᠷᠪᠠᠨ ᠨᠠᠭᠠᠳᠤᠮ ᠲᠥᠷᠥᠲᠦ ᠶᠣᠰᠣᠨ ᠤ ᠲᠡᠦᠬᠡᠨ ᠤᠯᠪᠠᠭ᠎ᠠ ᠲᠠᠢ ᠰᠠᠯᠤᠰᠢ ᠦᠭᠡᠢ ᠬᠤᠯᠪᠣᠭ᠎ᠠ ᠲᠠᠢ ᠪᠣᠯᠬᠤ ᠶᠢ ᠨᠤᠲᠠᠯᠠᠨ ᠬᠠᠷᠠᠭᠤᠯᠳᠠᠭ ᠶᠠᠭᠤᠮ᠎ᠠ᠃
ᠮᠣᠩᠭᠤᠯᠴᠤᠳ ᠪᠢᠳᠡᠨ ᠤ ᠠᠤᠭ᠎ᠠ ᠶᠡᠭᠡ ᠲᠡᠦᠬᠡ ᠮᠣᠩᠭᠤᠯ ᠠᠳᠤᠭᠤ ᠲᠠᠢ ᠰᠠᠯᠤᠰᠢ ᠦᠭᠡᠢ ᠬᠤᠯᠪᠣᠭ᠎ᠠ ᠲᠠᠢ᠃ ᠮᠣᠩᠭᠣᠯ ᠤᠨ ᠲᠡᠦᠬᠡ ᠶᠢ ᠮᠣᠩᠭᠤᠯ ᠮᠣᠷᠢ ᠦᠭᠡᠢ ᠪᠠᠷ ᠲᠥᠰᠥᠭᠡᠯᠡᠬᠦ ᠶᠢᠨ ᠠᠷᠭ᠎ᠠ ᠦᠭᠡᠶ᠃ ᠮᠣᠩᠭᠤᠯ ᠬᠥᠮᠦᠨ᠂ ᠮᠣᠩᠭᠤᠯ ᠮᠣᠷᠢ ᠬᠠᠮᠲᠤ ᠳᠤ ᠪᠠᠨ ᠳᠡᠯᠡᠬᠡᠢ ᠶᠢᠨ ᠲᠡᠦᠬᠡ ᠶᠢ ᠪᠦᠲᠦᠭᠡᠯᠴᠡᠭᠰᠡᠨ ᠲᠡᠦᠬᠡ ᠲᠠᠢ᠃ ᠲᠡᠶᠢᠮᠦ ᠤᠴᠢᠷ ᠠᠴᠠ ᠮᠣᠩᠭᠤᠯ ᠮᠣᠷᠢ ᠪᠣᠯ ᠮᠣᠩᠭᠣᠯ ᠤᠨ ᠠᠷᠠᠳ ᠲᠦᠮᠡᠨ ᠤ ᠪᠠᠭ᠋ᠠᠷᠬᠠᠯ ᠶᠤᠮ ᠭᠡᠪᠡ᠃