ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ᠂ ᠢᠷᠭᠡᠳ ᠲᠦ ᠣᠯᠭᠤᠭᠰᠠᠨ ᠨᠡᠶᠢᠲᠡ ᠵᠢᠭᠡᠯᠡ ᠶᠢᠨ ᠦᠷᠢ ᠶᠢᠨ ᠦᠯᠡᠳᠡᠭᠳᠡᠯ ᠡᠨᠡ ᠣᠨ ᠤ ᠨᠢᠭᠡᠳᠦᠭᠡᠷ ᠰᠠᠷ᠎ᠠ ᠶᠢᠨ ᠡᠴᠦᠰ ᠲᠦ 21 ᠶᠡᠬᠡ ᠨᠠᠶᠤᠳ ᠲᠥᠭᠥᠷᠢᠭ ᠪᠣᠯᠪᠠ᠃ ᠡᠨᠡ ᠨᠢ ᠡᠮᠦᠨᠡᠬᠢ ᠰᠠᠷ᠎ᠠ ᠶᠢᠨ ᠬᠢ ᠠᠴᠠ 129.6 ᠲᠡᠷᠪᠤᠮ᠂ ᠡᠮᠦᠨᠡᠬᠢ ᠣᠨ ᠤ ᠮᠥᠨ ᠦᠶ᠎ᠡ ᠶᠢᠨ ᠬᠢ ᠡᠴᠡ 3.8 ᠶᠡᠬᠡ ᠨᠠᠶᠤᠳ ᠲᠥᠭᠥᠷᠢᠭ ᠢᠶᠡᠷ ᠨᠡᠮᠡᠭᠳᠡᠭᠰᠡᠨ ᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠮᠡᠳᠡᠭᠡᠯᠡᠯ᠎ᠡ᠃
ᠨᠡᠶᠢᠲᠡ ᠵᠢᠭᠡᠯᠡ ᠶᠢᠨ ᠦᠷᠢ ᠶᠢᠨ ᠦᠯᠡᠳᠡᠭᠳᠡᠯ ᠦᠨ 51.7 ᠬᠤᠪᠢ ᠨᠢ ᠢᠷᠭᠡᠳ᠂ 46.2 ᠬᠤᠪᠢ ᠨᠢ ᠬᠤᠪᠢ ᠶᠢᠨ ᠪᠠᠶᠢᠭᠤᠯᠤᠯᠭ᠎ᠠ᠂ 1.3 ᠬᠤᠪᠢ ᠨᠢ ᠲᠥᠷᠥ ᠶᠢᠨ ᠪᠠᠶᠢᠭᠤᠯᠤᠯᠭ᠎ᠠ᠂ 0.8 ᠬᠤᠪᠢ ᠨᠢ ᠰᠠᠩᠬᠦᠦ ᠶᠢᠨ ᠪᠣᠯᠤᠨ ᠪᠤᠰᠤᠳ ᠪᠠᠶᠢᠭᠤᠯᠤᠯᠭ᠎ᠠ ᠶᠢᠨ ᠬᠢ ᠶᠤᠮ᠃ ᠬᠡᠪ ᠦᠨ ᠵᠢᠭᠡᠯᠡ ᠶᠢᠨ ᠦᠷᠢ ᠶᠢᠨ ᠦᠯᠡᠳᠡᠭᠳᠡᠯ ᠨᠢᠭᠡᠳᠦᠭᠡᠷ ᠰᠠᠷ᠎ᠠ ᠶᠢᠨ ᠡᠴᠦᠰ ᠲᠦ 17.9 ᠶᠡᠬᠡ ᠨᠠᠶᠤᠳ ᠲᠥᠭᠥᠷᠢᠭ ᠪᠣᠯᠵᠤ᠂ ᠬᠤᠭᠤᠴᠠᠭ᠎ᠠ ᠬᠡᠲᠦᠷᠡᠭᠰᠡᠨ ᠵᠢᠭᠡᠯᠡ ᠶᠢᠨ ᠦᠷᠢ ᠶᠢᠨ ᠦᠯᠡᠳᠡᠭᠳᠡᠯ ᠥᠩᠭᠡᠷᠡᠭᠰᠡᠨ ᠰᠠᠷ᠎ᠠ ᠶᠢᠨ ᠡᠴᠦᠰ ᠲᠦ 1 ᠶᠡᠬᠡ ᠨᠠᠶᠤᠳ ᠲᠥᠭᠥᠷᠢᠭ ᠪᠤᠯᠪᠠ᠃