ᠭᠧᠣᠯᠣᠭᠢ ᠶᠢᠨ ᠲᠥᠪ ᠯᠠᠪᠤᠷᠠᠲ᠋ᠣᠷᠢ᠂ 《ᠤᠭ᠍ᠶᠤᠲᠤᠯᠤᠭᠠᠢ》ᠺᠣᠮᠫᠠᠨᠢ ᠲᠠᠢ ᠬᠠᠮᠲᠤᠷᠠᠨ ᠠᠵᠢᠯᠯᠠᠬᠤ ᠭᠡᠷ᠎ᠡ ᠪᠡᠨ ᠲᠠᠪᠤᠨ ᠵᠢᠯ ᠢᠶᠡᠷ ᠰᠤᠩᠭᠠᠪᠠ᠃ ᠭᠡᠷ᠎ᠡ ᠳᠦ ᠭᠠᠷ ᠤᠨ ᠦᠰᠦᠭ ᠵᠢᠷᠤᠬᠤ ᠶᠣᠰᠣᠯᠠᠯ ᠳᠤ《ᠡᠷᠳᠡᠨᠢᠰ ᠤᠭ᠍ᠶᠤᠲᠤᠯᠤᠭᠠᠢ》ᠺᠣᠮᠫᠠᠨᠢ ᠶᠢᠨ ᠭᠦᠢᠴᠡᠳᠭᠡᠬᠦ ᠵᠠᠬᠢᠷᠤᠯ ᠨ ∙ ᠴᠡᠷᠡᠨᠪᠠᠲᠤ ᠣᠷᠣᠯᠴᠠᠵᠤ᠂ ᠳᠠᠷᠠᠭᠠᠬᠢ ᠮᠡᠳᠡᠭᠡᠯᠡᠯ ᠢ ᠥᠭᠭᠦᠭᠰᠡᠨ ᠶᠤᠮ᠃
– ᠭᠧᠣᠯᠣᠭᠢ ᠶᠢᠨ ᠲᠥᠪ ᠯᠠᠪᠤᠷᠠᠲ᠋ᠣᠷᠢ ᠶᠢᠨ 《ᠤᠭ᠍ᠶᠤᠲᠤᠯᠤᠭᠠᠢ》 ᠺᠣᠮᠫᠠᠨᠢ ᠶᠢᠨ ᠰᠤᠷᠢᠴᠠ ᠳᠤ ᠬᠢᠳᠡᠭ ᠰᠢᠨᠵᠢᠯᠡᠭᠡ ᠭᠦᠨ ᠦ ᠠᠭᠤᠷᠬᠠᠢ ᠠᠰᠢᠭᠯᠠᠯᠲᠠ ᠳᠤ ᠣᠷᠣᠭᠰᠠᠨ ᠤ ᠳᠠᠷᠠᠭ᠎ᠠ ᠭᠤᠷᠪᠠ ᠳᠠᠬᠢᠨ ᠥᠰᠬᠦ ᠶᠤᠮ ᠪᠠᠶᠢᠨ᠎ᠠ᠃ ᠲᠡᠭᠡᠬᠦ ᠪᠡᠷ ᠡᠨᠡ ᠯᠠᠪᠤᠷᠠᠲ᠋ᠣᠷᠢ ᠳᠤ ᠬᠥᠷᠥᠩᠭᠡ ᠣᠷᠣᠭᠤᠯᠤᠯᠲᠠ ᠬᠢᠬᠦ ᠱᠠᠭᠠᠷᠳᠠᠯᠭ᠎ᠠ ᠲᠠᠢ ᠤᠤ ?
– ᠬᠡᠳᠦᠢ ᠴᠢᠯᠦᠭᠡᠲᠦ ᠵᠠᠬ᠎ᠠ ᠵᠡᠭᠡᠯᠢ ᠶᠢᠨ ᠨᠡᠶᠢᠭᠡᠮ ᠳᠦ ᠥᠷᠢᠰᠦᠯᠳᠦᠭᠡᠨ ᠴᠢᠬᠤᠯᠠ ᠪᠣᠯᠪᠠᠴᠤ ᠲᠥᠷᠥ ᠶᠢᠨ ᠡᠮᠦᠨ᠎ᠡ ᠡᠴᠡ ᠡᠺᠰᠫᠣᠷᠲ ᠤᠨ ᠪᠦᠲᠦᠭᠡᠭᠳᠡᠬᠦᠨ ᠦ ᠴᠢᠨᠠᠷ᠂ ᠠᠭᠤᠯᠭ᠎ᠠ ᠶᠢ ᠬᠢᠨᠠᠬᠤ ᠡᠭᠦᠷᠭᠡ ᠶᠢ ᠡᠨᠡ ᠯᠠᠪᠤᠷᠠᠲ᠋ᠣᠷᠢ ᠭᠦᠢᠴᠡᠳᠭᠡᠳᠡᠭ ᠲᠤᠯᠠ ᠡᠳ᠋ ᠦᠨ ᠵᠠᠰᠠᠭ᠂ ᠬᠠᠤᠯᠢ ᠶᠢᠨ ᠣᠷᠴᠢᠨ ᠢ ᠪᠦᠷᠢᠳᠦᠭᠦᠯᠬᠦ ᠶᠣᠰᠣᠲᠠᠢ᠃ ᠭᠦᠨ ᠦ ᠠᠭᠤᠷᠬᠠᠢ ᠶᠢᠨ ᠤᠭᠳᠤᠯᠬᠤ ᠮᠠᠯᠲᠠᠯᠭ᠎ᠠ ᠶᠢ ᠡᠬᠢᠯᠡᠭᠦᠯᠦᠭᠰᠡᠨ ᠢᠶᠡᠷ ᠢᠯᠡ ᠠᠭᠤᠷᠬᠠᠢ ᠠᠴᠠ ᠣᠯᠪᠤᠷᠢᠯᠠᠭᠰᠠᠨ᠂ ᠵᠡᠰ᠂ ᠠᠯᠲᠠᠨ ᠤ ᠠᠭᠤᠯᠭ᠎ᠠ ᠪᠠᠭ᠎ᠠ ᠲᠠᠢ ᠬᠥᠳᠡᠷ ᠢ ᠭᠦᠨ ᠦ ᠠᠭᠤᠷᠬᠠᠢ ᠶᠢᠨ ᠥᠨᠳᠥᠷ ᠠᠭᠤᠯᠭ᠎ᠠ ᠪᠦᠬᠦᠢ ᠬᠥᠳᠡᠷ ᠲᠡᠢ ᠬᠤᠯᠢᠬᠤ᠂ ᠨᠠᠷᠢᠪᠴᠢᠯᠠᠭᠰᠠᠨ ᠠᠵᠢᠯ ᠬᠢᠭᠳᠡᠨ᠎ᠡ᠃
– ᠲᠠ ᠠᠵᠢᠯ ᠢᠶᠠᠨ ᠠᠪᠤᠭᠠᠳ ᠳᠥᠷᠪᠡᠨ ᠰᠠᠷ᠎ᠠ ᠥᠩᠭᠡᠷᠡᠯ᠎ᠡ᠃ ᠠᠵᠢᠯ ᠢᠶᠠᠨ ᠶᠠᠭᠤᠨ ᠠᠴᠠ ᠡᠬᠢᠯᠡᠭᠦᠯᠪᠡ?
-ᠤᠯᠤᠰ ᠤᠨ ᠶᠡᠬᠡ ᠬᠤᠷᠠᠯ ᠤᠨ ᠲᠦᠷ ᠬᠣᠷᠢᠶᠠᠨ ᠤ ᠳᠡᠮᠵᠢᠯᠭᠡ ᠲᠡᠢ ᠪᠡᠷ ᠪᠢᠳᠡ 《ᠤᠭ᠍ᠶᠤᠲᠤᠯᠤᠭᠠᠢ》ᠲᠥᠰᠥᠯ ᠦᠨ 34 ᠬᠤᠪᠢ ᠳᠤ ᠨᠣᠭᠳᠠᠭᠰᠠᠨ ᠦᠷᠢ ᠶᠢ ᠲᠢᠭᠯᠡᠭᠦᠯᠵᠦ ᠴᠢᠳᠠᠯ᠎ᠠ᠃ ᠡᠨᠡ ᠰᠠᠷ᠎ᠠ ᠶᠢᠨ ᠰᠡᠭᠦᠯ ᠢᠶᠡᠷ ᠠᠵᠢᠯ ᠤᠨ ᠬᠡᠰᠡᠭ ᠬᠤᠷᠠᠯᠳᠤᠨ᠂ 《ᠤᠭ᠍ᠶᠤᠲᠤᠯᠤᠭᠠᠢ》 ᠶᠢᠨ ᠪᠠᠶᠢᠭᠠᠯᠢ ᠣᠷᠴᠢᠨ᠂ ᠵᠠᠰᠠᠭᠯᠠᠯ᠂ ᠢᠯᠡ ᠲᠣᠳᠣ ᠪᠠᠶᠢᠳᠠᠯ ᠤᠨ ᠰᠠᠯᠪᠤᠷᠢ ᠳᠤ ᠶᠠᠪᠤᠭᠤᠯᠳᠠᠭ ᠵᠠᠷᠢᠮ ᠴᠢᠭ ᠡᠭᠦᠷᠭᠡ ᠶᠢ 《ᠡᠷᠳᠡᠨᠢᠰ ᠤᠭ᠍ᠶᠤᠲᠤᠯᠤᠭᠠᠢ》 ᠬᠢᠳᠡᠭ ᠪᠣᠯᠬᠤ ᠲᠠᠯ᠎ᠠ ᠪᠠᠷ ᠶᠠᠷᠢᠯᠴᠠᠵᠤ ᠪᠠᠶᠢᠨ᠎ᠠ᠃ ᠢᠷᠡᠬᠦ ᠰᠠᠷ᠎ᠠ ᠳᠤ ᠭᠡᠷ᠎ᠡ ᠪᠡᠨ ᠪᠠᠶᠢᠭᠤᠯᠤᠨ᠎ᠠ᠃