ᠮᠣᠩᠭᠣᠯ ᠢᠮᠠᠭᠠᠨ ᠤ ᠳᠣᠲᠣᠷ᠎ᠠ ᠠᠴᠠ ᠪᠡᠶ᠎ᠡ ᠪᠡᠷ ᠲᠣᠮᠣ᠂ ᠨᠤᠯᠤᠤᠷ ᠤᠨ ᠭᠠᠷᠴᠠ ᠶᠡᠬᠡ ᠲᠡᠢ ᠪᠦᠳᠦᠭᠦᠨ ᠨᠤᠯᠤᠤᠷ ᠤᠨ︵ᠺᠠᠱᠭᠤᠷ︶ ᠴᠢᠭᠯᠡᠯ ᠦᠨ《ᠠᠭᠤᠯᠠ ᠶᠢᠨ ᠪᠣᠷᠣ》ᠡᠭᠦᠯᠳᠡᠷ ᠦᠨ ᠢᠮᠠᠭᠠᠨ ᠤ ᠴᠥᠮ ᠰᠦᠷᠦᠭ ᠢ ᠪᠠᠶᠠᠨ-ᠥᠯᠥᠭᠡᠢ ᠠᠶᠢᠮᠠᠭ ᠤᠨ ᠪᠠᠶᠠᠨᠨᠠᠭᠤᠷ ᠰᠤᠮᠤᠨ ᠳᠤ ᠦᠷᠡᠵᠢᠭᠦᠯᠵᠦ ᠪᠠᠶᠢᠨ᠎ᠠ᠃ ᠲᠤᠬᠠᠢ ᠶᠢᠨ ᠡᠭᠦᠯᠳᠡᠷ ᠢ ᠮᠣᠩᠭᠣᠯ ᠤᠯᠤᠰ ᠤᠨ ᠭᠠᠪᠢᠶᠠᠲᠤ ᠽᠤᠤᠲᠸᠨᠢᠭ᠍ᠴᠢ ᠮ∙ᠵᠤᠮᠠᠭᠠᠯᠢ᠂ ᠮᠠᠯ ᠵᠦᠢᠴᠢ ᠬ∙ ᠥᠮᠢᠷᠵᠠᠬᠤ᠂ ᠮ∙ᠠᠰᠾᠠᠷ᠂ ᠨ∙ᠪᠠᠳᠢᠯᠠ ᠨᠠᠷ ᠨᠤᠲᠤᠭ ᠤᠨ ᠢᠮᠠᠭ᠎ᠠ ᠶᠢ ᠣᠷᠣᠰ ᠤᠨ ᠭᠤᠷᠨᠤ᠋ ᠠᠯᠲᠠᠢ ᠡᠭᠦᠯᠳᠡᠷ ᠦᠨ ᠤᠬᠤᠨ᠎ᠠ ᠪᠠᠷ ᠬᠣᠶᠠᠷ ᠦᠶ᠎ᠡ ᠱᠠᠲᠤ ᠲᠠᠢ ᠪᠠᠷ ᠡᠷᠯᠢᠰᠡᠵᠢᠭᠦᠯᠵᠦ᠂ ᠲᠣᠬᠢᠷᠠᠮᠵᠢᠲᠠᠢ ᠬᠡᠪᠰᠢᠯ ᠦᠨ ᠢᠮᠠᠭ᠎ᠠ ᠶᠢ ᠦᠪᠡᠷ ᠳᠣᠲᠣᠷ᠎ᠠ ᠨᠢ ᠦᠷᠡᠵᠢᠭᠦᠯᠬᠦ ᠵᠠᠮ ᠢᠶᠠᠷ ᠭᠠᠷᠭᠠᠨ ᠠᠪᠴᠠᠢ᠃
ᠠᠭᠤᠯᠠ ᠶᠢᠨ ᠪᠣᠷᠣ ᠢᠮᠠᠭ᠎ᠠ ᠨᠢ ᠮᠣᠩᠭᠣᠯ ᠠᠯᠲᠠᠢ ᠶᠢᠨ ᠨᠢᠷᠤᠭᠤᠨ ᠤ ᠴᠠᠭ ᠠᠭᠤᠷ ᠤᠨ ᠡᠷᠡᠰ ᠲᠡᠰ ᠨᠥᠬᠥᠴᠡᠯ ᠳᠦ ᠳᠠᠰᠤᠨ ᠵᠣᠬᠢᠴᠠᠭᠰᠠᠨ᠂ ᠮᠣᠩᠭᠣᠯ ᠡᠭᠦᠯᠳᠡᠷ ᠦᠨ ᠢᠮᠠᠭ᠎ᠠ ᠲᠠᠢ ᠬᠠᠷᠢᠴᠠᠭᠤᠯᠬᠤ ᠳᠤ ᠪᠡᠶ᠎ᠡ ᠲᠣᠮᠣ᠂ ᠨᠤᠯᠤᠤᠷ ᠤᠨ ᠭᠠᠷᠴᠠ 2-3 ᠳᠠᠬᠢᠨ ᠶᠡᠬᠡ᠂ ᠢᠬᠡᠷᠡᠯᠡᠯᠲᠡ ᠥᠨᠳᠥᠷ᠂ ᠰᠦᠯᠢᠭ ᠰᠢᠨᠵᠢ ᠪᠡᠷ ᠳᠠᠪᠠᠮᠠᠭᠠᠢ ᠶᠤᠮ᠃ ᠪᠦᠬᠦ ᠢᠮᠠᠭᠠᠨ ᠤ 98-99 ᠬᠤᠪᠢ ᠨᠢ ᠡᠪᠡᠷ ᠲᠡᠢ᠂ ᠦᠨᠳᠦᠰᠦᠨ ᠵᠢᠰᠦ ᠨᠢ ᠬᠠᠷ᠎ᠠ᠂ ᠰᠠᠷᠠᠯ᠂ ᠪᠣᠷᠣ᠃ 4-5 ᠰᠠᠷ᠎ᠠ ᠲᠠᠢ ᠰᠡᠷᠬᠡ ᠶᠢᠨ ᠠᠮᠢᠳᠤ ᠶᠢᠨ ᠵᠢᠩ 55-65 ᠺᠢᠯᠦᠭᠷᠡᠮ᠂ ᠨᠤᠯᠤᠤᠷ ᠤᠨ ᠭᠠᠷᠴᠠ 1-1.2 ᠺᠢᠯᠦᠭᠷᠡᠮ ᠬᠦᠷᠦᠨ᠎ᠡ᠃
ᠣᠳᠣ ᠪᠠᠶᠠᠨᠨᠠᠭᠤᠷ ᠰᠤᠮᠤᠨ ᠳᠤ ᠦᠷᠡᠵᠢᠭᠦᠯᠵᠦ ᠪᠠᠶᠢᠭ᠎ᠠ ᠴᠥᠮ ᠰᠦᠷᠦᠭ ᠢ ᠪᠠᠶᠠᠨ-ᠥᠯᠥᠭᠡᠢ᠂ ᠬᠣᠪᠳᠣ ᠠᠶᠢᠮᠠᠭ ᠤᠨ ᠵᠠᠷᠢᠮ ᠰᠤᠮᠤ ᠶᠢᠨ ᠢᠮᠠᠭᠠᠨ ᠰᠦᠷᠦᠭ ᠲᠦ ᠰᠠᠶᠢᠵᠢᠷᠠᠭᠤᠯᠤᠭᠴᠢ ᠪᠠᠷ ᠠᠰᠢᠭᠯᠠᠳᠠᠭ᠃ ᠤᠯᠤᠰ ᠤᠨ ᠬᠡᠮᠵᠢᠶᠡᠨ ᠳᠦ ᠲᠤᠬᠠᠢ ᠶᠢᠨ ᠡᠭᠦᠯᠳᠡᠷ ᠦᠨ 20 ᠣᠷᠴᠢᠮ ᠮᠢᠩᠭᠠᠨ ᠲᠣᠯᠣᠭᠠᠢ ᠢᠮᠠᠭ᠎ᠠ ᠦᠷᠡᠵᠢᠭᠦᠯᠵᠦ ᠪᠠᠶᠢᠨ᠎ᠠ᠃