《ᠪᠠᠷᠰ ᠵᠢᠯ》ᠳᠤᠷᠠᠰᠬᠠᠯ ᠤᠨ ᠵᠣᠭᠣᠰ ᠬᠤᠳᠠᠯᠳᠤᠭᠠᠨ ᠳᠤ ᠭᠠᠷᠤᠯ᠎ᠠ | News.MN

《ᠪᠠᠷᠰ ᠵᠢᠯ》ᠳᠤᠷᠠᠰᠬᠠᠯ ᠤᠨ ᠵᠣᠭᠣᠰ ᠬᠤᠳᠠᠯᠳᠤᠭᠠᠨ ᠳᠤ ᠭᠠᠷᠤᠯ᠎ᠠ

ᠮᠣᠩᠭᠣᠯ ᠪᠠᠩᠭᠢᠨ ᠤ ᠡᠷᠳᠡᠨᠢᠰ ᠦᠨ ᠰᠠᠩ ᠠᠴᠠ ᠠᠷᠪᠠᠨ ᠳᠤᠯᠤᠳᠤᠭᠠᠷ ᠵᠢᠷᠠᠨ ᠤ《ᠪᠤᠶᠠᠨ ᠦᠢᠯᠡᠳᠦᠭᠴᠢ》ᠬᠡᠮᠡᠬᠦ ᠤᠰᠤᠨ ᠪᠠᠷᠰ ᠵᠢᠯ ᠳᠦ ᠵᠣᠷᠢᠭᠤᠯᠤᠨ《ᠪᠠᠷᠰ ᠵᠢᠯ》 ᠨᠢᠭᠡ ᠤᠨᠼ  ᠤᠨ 999 ᠰᠣᠷᠢᠴᠠ ᠲᠠᠢ ᠮᠥᠩᠭᠥᠨ ᠵᠣᠭᠣᠰ ᠢ ᠬᠤᠳᠠᠯᠳᠤᠭᠠᠨ ᠳᠤ ᠭᠠᠷᠭᠠᠯ᠎ᠠ᠃  ᠠᠷᠪᠠᠨ ᠬᠤᠶᠠᠷ ᠵᠢᠯ ᠦᠨ ᠳᠤᠷᠠᠰᠬᠠᠯ ᠤᠨ ᠵᠣᠭᠣᠰᠤᠨ ᠤ ᠴᠤᠪᠤᠷᠠᠯ ᠢ 2020 ᠣᠨ ᠳᠤ 《ᠬᠤᠯᠤᠭᠠᠨ᠎ᠠ ᠵᠢᠯ》 ᠳᠤᠷᠠᠰᠬᠠᠯ ᠤᠨ ᠮᠥᠩᠭᠥᠨ ᠵᠣᠭᠣᠰ ᠢᠶᠠᠷ ᠡᠬᠢᠯᠡᠭᠦᠯᠵᠦ᠂ 2021 ᠣᠨ ᠳᠤ 《ᠦᠬᠡᠷ ᠵᠢᠯ》 ᠳᠤᠷᠠᠰᠬᠠᠯ ᠤᠨ ᠮᠥᠩᠭᠥᠨ ᠵᠣᠭᠣᠰ ᠢ ᠬᠤᠳᠠᠯᠳᠤᠭᠠᠨ ᠳᠤ ᠭᠠᠷᠭᠠᠵᠤ ᠪᠠᠶᠢᠪᠠ᠃
ᠡᠨᠡ ᠬᠦ ᠴᠤᠪᠤᠷᠠᠯ ᠨᠢ ᠮᠣᠩᠭᠣᠯ ᠤᠨ ᠤᠯᠠᠮᠵᠢᠯᠠᠯᠲᠤ ᠵᠢᠷᠤᠬᠠᠢ ᠳᠤ ᠳᠦᠷᠰᠦᠯᠡᠭᠰᠡᠨ ᠢᠶᠡᠷ ᠬᠥᠮᠥᠨ ᠪᠡᠶ᠎ᠡ ᠲᠡᠢ᠂ ᠠᠷᠪᠠᠨ ᠬᠤᠶᠠᠷ ᠵᠢᠯ ᠦᠨ ᠲᠡᠷᠢᠭᠦᠨ ᠲᠡᠢ᠂ ᠮᠠᠬᠠᠪᠣᠳ ᠤᠨ ᠥᠩᠭᠡ ᠵᠢᠰᠦ ᠲᠡᠢ᠂ ᠮᠤᠲᠤᠷ ᠲᠤ ᠪᠠᠨ ᠠᠷᠪᠠᠨ ᠬᠤᠶᠠᠷ ᠵᠢᠯ ᠦᠨ ᠪᠡᠯᠭᠡ ᠲᠡᠮᠳᠡᠭ ᠢ ᠪᠠᠷᠢᠭᠰᠠᠨ ᠪᠥᠭᠡᠳ ᠤᠯᠠᠮᠵᠢᠯᠠᠯᠲᠤ ᠵᠢᠷᠤᠭ ᠤᠨ ᠠᠷᠭ᠎ᠠ ᠪᠠᠷ ᠵᠢᠷᠤᠵᠤ᠂ ᠪᠦᠲᠦᠭᠡᠭᠰᠡᠨ ᠢᠶᠡᠷ ᠢᠶᠡᠨ ᠣᠨᠴᠠᠯᠢᠭ ᠶᠤᠮ᠃

 

ᠰᠡᠳᠬᠢᠭᠳᠡᠯ ᠦᠯᠡᠳᠡᠭᠡᠬᠦ