ᠮᠣᠩᠭᠣᠯ ᠤᠯᠤᠰ ᠤᠨ ᠬᠣᠱᠣᠢ ᠠᠪᠤᠷᠭᠤ ᠮᠠᠯᠴᠢᠨ ᠡᠷᠦᠬᠡ ᠪᠡᠷ ᠰᠢᠯᠭᠠᠷᠠᠭᠰᠠᠨ ᠰᠦᠬᠡᠪᠠᠭᠠᠲᠤᠷ ᠠᠢᠮᠠᠭ ᠤᠨ ᠲᠦᠪᠰᠢᠨᠰᠢᠷᠡᠭᠡ ᠰᠤᠮᠤ ᠶᠢᠨ ᠥᠭᠭᠢᠶᠡᠮᠦᠷ ᠪᠠᠭ ᠤᠨ ᠮᠠᠯᠴᠢᠨ ᠵᠢᠭᠮᠡᠳ ᠦᠨ ᠬᠤᠨᠳᠠᠸᠠ᠂ ᠭᠡᠷᠭᠡᠢ ᠴᠢᠯᠠᠭᠤᠨ ᠤ ᠳᠠᠭᠸᠠᠰᠦ᠋ᠷᠦᠩ ᠨᠠᠷ ᠱᠠᠩᠨᠠᠯ ᠢᠶᠠᠨ ᠭᠠᠷᠳᠠᠨ ᠠᠪᠤᠯ᠎ᠠ᠃ ᠲᠡᠳᠡᠨ ᠦ ᠬᠢ 2021 ᠣᠨ ᠤ ᠵᠢᠯ ᠦᠨ ᠡᠴᠦᠰ ᠦᠨ ᠲᠣᠭᠠᠯᠠᠯᠭ᠎ᠠ ᠪᠠᠷ 100 ᠭᠠᠷᠤᠢ ᠲᠣᠯᠣᠭᠠᠢ ᠲᠡᠮᠡᠭᠡ ᠲᠣᠭᠠᠯᠠᠭᠤᠯᠵᠤ᠂ ᠲᠡᠮᠡᠭᠡᠨ ᠰᠦᠷᠦᠭ ᠦᠨ ᠢᠶᠡᠨ ᠲᠣᠭ᠎ᠠ ᠪᠠᠷ ᠠᠶᠢᠮᠠᠭ ᠲᠤ ᠪᠠᠨ ᠲᠡᠷᠢᠭᠦᠯᠡᠵᠦ ᠪᠠᠶᠢᠨ᠎ᠠ᠃
ᠬᠣᠪᠣᠷᠳᠠᠵᠤ ᠪᠤᠢ ᠲᠡᠮᠡᠭᠡᠨ ᠰᠦᠷᠦᠭ ᠦᠨ ᠲᠣᠭ᠎ᠠ ᠲᠣᠯᠣᠭᠠᠢ ᠶᠢ ᠨᠡᠮᠡᠭᠳᠡᠭᠦᠯᠬᠦ ᠳᠦ ᠠᠩᠬᠠᠷᠴᠤ ᠡᠳᠦᠷ ᠲᠤᠲᠤᠮ ᠤᠨᠤᠯᠭ᠎ᠠ ᠠᠴᠢᠯᠭ᠎ᠠ ᠳᠤ ᠪᠠᠨ ᠬᠡᠷᠡᠭᠯᠡᠵᠦ᠂ ᠢᠩᠭᠡ ᠪᠡᠨ ᠲᠣᠭᠲᠠᠮᠠᠯ ᠰᠠᠭᠠᠵᠤ ᠴᠠᠭᠠᠨ ᠢᠳᠡᠭᠡ ᠶᠢ ᠨᠢ ᠪᠣᠯᠪᠠᠰᠤᠷᠠᠭᠤᠯᠳᠠᠭ ᠪᠠᠶᠢᠨ᠎ᠠ᠃ ᠲᠡᠳᠡᠨ ᠦ ᠬᠢ 1960 ᠣᠨ ᠠᠴᠠ ᠬᠣᠶᠢᠰᠢ ᠲᠠᠰᠤᠷᠠᠯᠲᠠ ᠦᠭᠡᠢ ᠮᠠᠯ ᠠᠵᠤ ᠠᠬᠤᠢ ᠶᠢᠨ ᠰᠠᠯᠪᠤᠷᠢ ᠳᠤ ᠲᠠᠪᠢ ᠭᠠᠷᠤᠢ ᠵᠢᠯ ᠠᠵᠢᠯᠯᠠᠵᠤ ᠪᠠᠶᠢᠨ᠎ᠠ᠃ ᠮᠠᠯ ᠢᠶᠠᠨ ᠲᠠᠪᠤᠨ ᠲᠥᠷᠥᠯ ᠢᠶᠡᠷ ᠨᠢ ᠥᠰᠬᠡᠵᠦ᠂ ᠵᠢᠷᠭᠤᠭᠠᠨ ᠬᠡᠦᠬᠡᠳ ᠢᠶᠡᠨ ᠮᠠᠯᠴᠢᠨ ᠪᠣᠯᠭᠠᠵᠠᠢ᠃ ᠮᠠᠯᠴᠢᠨ ᠬᠦᠮᠦᠨ ᠬᠥᠳᠡᠯᠮᠦᠷᠢᠯᠡᠵᠦ ᠴᠢᠳᠠᠪᠠᠯ ᠶᠠᠮᠠᠷ ᠴᠤ ᠠᠮᠵᠢᠯᠲᠠ ᠳᠤ ᠬᠦᠷᠴᠦ ᠪᠣᠯᠳᠠᠭ ᠭᠡᠵᠦ ᠠᠪᠤᠷᠭᠤ ᠮᠠᠯᠴᠢᠨ ᠣᠨᠴᠠᠯᠠᠵᠤ ᠪᠠᠶᠢᠯ᠎ᠠ᠃ ᠲᠡᠷᠡ ᠪᠡᠷ ᠲᠦᠪᠰᠢᠨᠰᠢᠷᠡᠭᠡ ᠰᠤᠮᠤ ᠠᠴᠠ ᠲᠣᠳᠣᠷᠠᠵᠤ ᠪᠤᠢ ᠬᠤᠶᠠᠳᠠᠬᠢ ᠤᠯᠤᠰ ᠤᠨ ᠬᠣᠱᠣᠢ ᠠᠪᠤᠷᠭᠤ ᠮᠠᠯᠴᠢᠨ ᠶᠤᠮ᠃