ᠫᠠᠷᠠ ᠴᠠᠨ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠨᠤᠷᠸᠠᠢ ᠳᠤ ᠡᠨᠡ ᠰᠠᠷ᠎ᠠ ᠶᠢᠨ 8-24 ᠳᠦ ᠪᠣᠯᠵᠤ ᠰᠢᠯᠢᠳᠡᠭ ᠦᠳ ᠢᠶᠡᠨ ᠰᠢᠯᠭᠠᠷᠠᠭᠤᠯᠪᠠ᠃ ᠲᠡᠮᠡᠴᠡᠭᠡᠨ ᠦ 20 ᠺᠢᠯᠣᠮᠧᠲ᠋ᠷ ᠤᠨ ᠵᠠᠢ ᠳᠤ ᠼ ∙ ᠳᠠᠰᠢᠳᠣᠷᠵᠢ 10 ᠳ᠋ᠤᠭᠠᠷ᠂ ᠪ ∙ ᠭᠠᠩᠪᠣᠯᠣᠳ 13 ᠳ᠋ᠤᠭᠠᠷ ᠪᠠᠶᠢᠷᠢ ᠳᠤ ᠣᠷᠣᠯ᠎ᠠ᠃
ᠲᠡᠳᠡ ᠰᠸᠸᠳ᠋ᠸᠨ ᠤᠯᠤᠰ ᠲᠤ ᠡᠨᠡ ᠰᠠᠷ᠎ᠠ ᠶᠢᠨ 24-29 ᠳᠦ ᠪᠣᠯᠬᠤ ᠳᠡᠯᠡᠬᠡᠢ ᠶᠢᠨ ᠴᠣᠮᠣ ᠶᠢᠨ ᠲᠡᠮᠡᠴᠡᠭᠡᠨ ᠦ ᠭᠤᠷᠪᠠᠨ ᠵᠠᠢ ᠳᠤ ᠤᠷᠤᠯᠳᠤᠵᠤ ᠬᠤᠷᠳᠤ᠂ ᠬᠦᠴᠦ ᠪᠡᠨ ᠰᠣᠷᠢᠬᠤ ᠶᠤᠮ᠃ ᠲᠠᠰᠢᠷᠠᠮ ᠳᠤ ᠳᠤᠭᠤᠯᠭᠠᠬᠤ ᠳᠤ ᠴᠠᠨᠠᠴᠢᠨ ᠪ ∙ ᠭᠠᠩᠪᠣᠯᠣᠳ ᠨᠢ 《ᠪᠡᠭᠡᠵᠢᠩ-2022》 ᠡᠪᠦᠯ ᠦᠨ ᠫᠠᠷᠠᠯᠢᠮᠫ ᠤᠨ ᠨᠠᠭᠠᠳᠤᠮ ᠳᠤ ᠤᠷᠤᠯᠴᠠᠬᠤ ᠡᠷᠬᠡ ᠪᠡᠨ ᠠᠪᠤᠭᠠᠳ ᠪᠠᠶᠢᠭ᠎ᠠ ᠪᠢᠯᠡ᠃