ᠡᠨᠡ ᠰᠠᠷ᠎ᠠ ᠶᠢᠨ10-13 ᠳᠤ ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ 416.1 ᠺᠢᠯᠣᠮᠧᠲ᠋ᠷ ᠲᠡᠮᠦᠷ ᠵᠠᠮ ᠤᠨ ᠵᠡᠭᠦᠨᠪᠠᠶᠠᠨ ᠥᠷᠲᠡᠭᠡᠨ ᠡᠴᠡ ᠭᠣᠣᠯ ᠱᠤᠭᠤᠮ ᠤᠨ 129 ᠳ᠋ᠤᠭᠡᠷ ᠺᠢᠯᠤᠮᠸᠲᠷ ᠬᠦᠷᠲᠡᠯᠡᠬᠢ ᠬᠢᠮᠡᠯ ᠪᠠᠶᠢᠭᠤᠯᠤᠮᠵᠢ ᠪᠣᠯᠤᠨ ᠳᠡᠭᠡᠳᠦ᠂ ᠳᠤᠤᠷᠠᠳᠤ ᠪᠦᠲᠦᠴᠡ ᠶᠢ ᠠᠰᠢᠭᠯᠠᠯᠲᠠ ᠳᠤ ᠤᠷᠤᠭᠤᠯᠬᠤ ᠤᠷᠢᠳᠴᠢᠯᠠᠭᠰᠠᠨ ᠳ᠋ᠦᠩᠨᠡᠯᠲᠡ ᠭᠠᠷᠭᠠᠬᠤ ᠲᠧᠭᠨᠢᠭ ᠦᠨ ᠺᠣᠮᠢᠰ ᠤᠨ ᠪᠦᠷᠢᠯᠳᠦᠬᠦᠨ ᠲᠥᠰᠥᠯ ᠦᠨ ᠲᠠᠯᠠᠪᠠᠢ ᠳᠡᠭᠡᠷ᠎ᠡ ᠠᠵᠢᠯᠯᠠᠯ᠎ᠠ᠃
《ᠲᠠᠪᠤᠨᠲᠣᠯᠣᠭᠠᠢ-ᠵᠡᠭᠦᠨᠪᠠᠶᠠᠨ》ᠴᠢᠭᠯᠡᠯ ᠦᠨ 416.1 ᠺᠢᠯᠣᠮᠧᠲ᠋ᠷ ᠲᠡᠮᠦᠷ ᠵᠠᠮ ᠳᠤ 25.1 ᠰᠠᠶ᠎ᠠ ᠮᠸᠲᠷ/ᠺᠦᠪ ᠳᠠᠯᠠᠩ ᠭᠠᠵᠠᠷ ᠰᠢᠷᠤᠢ ᠶᠢᠨ ᠠᠵᠢᠯ᠂ 595 ᠰᠢᠷᠬᠡᠭ ᠳᠤᠭᠤᠢ ᠪᠣᠯᠤᠨ ᠳᠥᠷᠪᠡᠯᠵᠢᠨ ᠬᠣᠭᠣᠯᠠᠢ᠂ 2427 ᠤ/ᠮ ᠭᠦᠭᠦᠷᠭᠡ ᠶᠢᠨ ᠪᠠᠶᠢᠭᠤᠯᠤᠮᠵᠢ᠂ ᠳᠡᠯᠭᠡᠮᠡᠯ ᠤᠷᠲᠤ ᠪᠠᠷ ᠢᠶᠠᠨ 463 ᠺᠢᠯᠣᠮᠧᠲ᠋ᠷ ᠵᠠᠮ ᠤᠨ ᠳᠡᠭᠡᠳᠦ ᠪᠦᠲᠦᠴᠡ ᠶᠢ ᠪᠦᠲᠦᠭᠡᠨ ᠪᠠᠶᠢᠭᠤᠯᠤᠭᠰᠠᠨ ᠪᠥᠭᠡᠳ ᠲᠧᠭᠨᠢᠭ ᠦᠨ ᠺᠣᠮᠢᠰ ᠨᠢ ᠵᠢᠷᠤᠭ ᠲᠥᠰᠥᠯ᠂ ᠳᠠᠯᠠᠩ᠂ ᠭᠠᠵᠠᠷ ᠰᠢᠷᠤᠢ ᠶᠢᠨ ᠠᠵᠢᠯ᠂ ᠭᠦᠦᠷ ᠬᠣᠭᠣᠯᠠᠢ ᠬᠢᠮᠡᠯ ᠪᠠᠶᠢᠭᠤᠯᠤᠮᠵᠢ ᠶᠢᠨ ᠬᠣᠯᠪᠣᠭᠳᠠᠬᠤ 1295 ᠪᠣᠲᠢ ᠪᠤᠶᠤ 409500 ᠬᠠᠭᠤᠳᠠᠰᠤ ᠪᠠᠷᠢᠮᠲᠠ ᠪᠢᠴᠢᠭ ᠢ ᠬᠢᠨᠠᠵᠤ ᠲᠡᠮᠦᠷ ᠵᠠᠮ ᠤᠨ ᠪᠠᠷᠢᠯᠭ᠎ᠠ ᠶᠢᠨ ᠰᠲ᠋ᠠᠨᠳᠠᠷᠲ᠂ ᠬᠣᠯᠪᠣᠭᠳᠠᠬᠤ ᠨᠣᠷᠮ᠎ᠠ ᠳᠦᠷᠢᠮ᠂ ᠲᠧᠭᠨᠢᠭ ᠦᠨ ᠱᠠᠭᠠᠷᠳᠠᠯᠭ᠎ᠠ ᠳᠤ ᠨᠡᠶᠢᠴᠡᠭᠰᠡᠨ ᠡᠰᠡᠬᠦ ᠶᠢ ᠰᠢᠯᠭᠠᠵᠤ᠂ ᠳ᠋ᠦᠩᠨᠡᠯᠲᠡ ᠭᠠᠷᠭᠠᠨ ᠠᠵᠢᠯᠯᠠᠯ᠎ᠠ᠃ ᠮᠥᠨ ᠵᠡᠭᠦᠨᠪᠠᠶᠠᠨ ᠥᠷᠲᠡᠭᠡᠨ ᠡᠴᠡ ᠭᠣᠣᠯ ᠱᠤᠭᠤᠮ ᠤᠨ 129 ᠳ᠋ᠤᠭᠡᠷ ᠺᠢᠯᠤᠮᠸᠲᠷ ᠬᠦᠷᠲᠡᠯ᠎ᠡ ᠠᠵᠤ ᠠᠬᠤᠢ ᠶᠢᠨ ᠭᠠᠯᠲᠤ ᠲᠡᠷᠭᠡ ᠪᠡᠷ ᠠᠶᠠᠯᠠᠵᠤ᠂ ᠲᠡᠮᠦᠷ ᠵᠠᠮ ᠤᠨ ᠲᠧᠭᠨᠢᠭ ᠦᠨ ᠪᠠᠶᠢᠳᠠᠯ ᠳᠤ ᠦᠵᠡᠯᠭᠡ ᠬᠢᠭᠰᠡᠨ᠃ ᠡᠶᠢᠨᠬᠦᠦ ᠲᠧᠭᠨᠢᠭ ᠦᠨ ᠺᠣᠮᠢᠰ ᠨᠢ ᠲᠣᠳᠣᠷᠬᠠᠢ ᠠᠵᠢᠯ ᠤᠳ ᠳᠡᠭᠡᠷ᠎ᠡ ᠡᠭᠦᠷᠭᠡ ᠳᠠᠭᠠᠭᠠᠯᠭᠠᠪᠤᠷᠢ ᠥᠭᠭᠦᠭᠰᠡᠨ ᠪᠠ ᠡᠳᠡᠭᠡᠷ ᠠᠵᠢᠯ ᠢ ᠬᠢᠵᠦ ᠭᠦᠢᠴᠡᠳᠭᠡᠭᠰᠡᠨ ᠦ ᠳᠠᠷᠠᠭ᠎ᠠ ᠤᠯᠤᠰ ᠤᠨ ᠺᠣᠮᠢᠰ ᠠᠵᠢᠯᠯᠠᠭᠤᠯᠬᠤ ᠶᠢ ᠭᠡᠰᠢᠭᠦᠳ ᠦᠨ 100 ᠬᠤᠪᠢ ᠶᠢᠨ ᠰᠠᠨᠠᠯ ᠢᠶᠠᠷ ᠳᠡᠮᠵᠢᠯ᠎ᠡ᠃