ᠮᠣᠩᠭᠣᠯ ᠤᠯᠤᠰ ᠤᠨ ᠨᠡᠶᠢᠭᠡᠮ᠂ ᠡᠳ᠋ ᠦᠨ ᠵᠠᠰᠠᠭ ᠤᠨ 2021 ᠣᠨ ᠤ ᠰᠲ᠋ᠠᠲ᠋ᠢᠰᠲ᠋ᠢᠺ ᠦᠵᠡᠭᠦᠯᠦᠯᠲᠡ ᠨᠦᠭᠦᠳ ᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠲᠠᠨᠢᠯᠴᠠᠭᠤᠯᠤᠯ᠎ᠠ᠃ ᠬᠦᠮᠦᠨ ᠠᠮᠠ 2021 ᠣᠨ ᠤ ᠡᠴᠦᠰ ᠲᠦ ᠤᠷᠢᠳᠴᠢᠯᠠᠭᠰᠠᠨ ᠳ᠋ᠦᠩ ᠢᠶᠡᠷ 3.4 ᠰᠠᠶ᠎ᠠ ᠪᠣᠯᠵᠤ᠂ ᠡᠮᠦᠨᠡᠬᠢ ᠣᠨ ᠠᠴᠠ 52.6 ᠮᠢᠩᠭᠠᠨ ᠬᠦᠮᠦᠨ ᠢᠶᠡᠷ ᠦᠰᠴᠡᠢ ᠃
1000 ᠬᠦᠮᠦᠨ ᠳᠦ ᠨᠣᠭᠳᠠᠬᠤ ᠲᠦᠷᠦᠯᠲᠡ ᠡᠮᠦᠨᠡᠬᠢ ᠣᠨ ᠠᠴᠠ 1.5 ᠨᠢᠭᠡᠴᠢ ᠪᠡᠷ ᠪᠠᠭᠤᠷᠠᠭᠰᠠᠨ ᠪᠣᠯ᠂ ᠨᠠᠰᠤ ᠪᠠᠷᠠᠯᠲᠠ ᠡᠮᠦᠨᠡᠬᠢ ᠣᠨ ᠠᠴᠠ 1.1 ᠨᠢᠭᠡᠴᠢ ᠪᠡᠷ ᠨᠡᠮᠡᠭᠳᠡᠵᠡᠢ᠃ ᠬᠦᠮᠦᠨ ᠠᠮᠠ ᠶᠢᠨ ᠴᠡᠪᠡᠷ ᠥᠰᠦᠯᠲᠡ ᠶᠢᠨ ᠲᠦᠪᠰᠢᠨ 2021 ᠣᠨ ᠳᠤ 16 ᠪᠠᠶᠢᠭ᠎ᠠ ᠨᠢ 2010 ᠣᠨ ᠠᠴᠠ ᠬᠣᠶᠢᠰᠢᠬᠢ ᠬᠠᠮᠤᠭ ᠤᠨ ᠳᠤᠤᠷᠠᠳᠤ ᠲᠦᠪᠰᠢᠨ ᠳᠦ ᠪᠠᠶᠢᠨ᠎ᠠ᠃ ᠤᠯᠤᠰ ᠤᠨ ᠬᠡᠮᠵᠢᠶᠡᠨ ᠳᠦ 2021 ᠣᠨ ᠤ ᠡᠴᠦᠰ ᠲᠦ 39.1 ᠮᠢᠩᠭᠠᠨ ᠥᠨᠥᠴᠢᠨ ᠬᠡᠦᠬᠡᠳ ᠪᠠᠶᠢᠭ᠎ᠠ ᠶᠢᠨ 3 ᠮᠢᠩᠭ᠎ᠠ ᠨᠢ ᠪᠦᠲᠦᠨ ᠥᠨᠥᠴᠢᠨ᠂ 36.1 ᠮᠢᠩᠭ᠎ᠠ ᠨᠢ ᠬᠠᠭᠠᠰ ᠥᠨᠥᠴᠢᠨ ᠬᠡᠦᠬᠡᠳ ᠪᠠᠶᠢᠨ᠎ᠠ᠃