ᠬᠠᠰᠠᠭᠰᠲ᠋ᠠᠨ ᠤᠯᠤᠰ ᠤᠨ ᠠᠯᠮᠠᠲ ᠬᠤᠲᠠ ᠳᠤ ᠪᠠᠶᠢᠩᠭᠤ ᠶᠢᠨ ᠣᠷᠣᠰᠢᠨ ᠰᠠᠭᠤᠳᠠᠭ ᠮᠣᠩᠭᠣᠯ ᠤᠯᠤᠰ ᠤᠨ︽ᠳ︾ᠭᠡᠬᠦ ᠢᠷᠭᠡᠨ ᠨᠢᠭᠡᠳᠦᠭᠡᠷ ᠰᠠᠷ᠎ᠠ ᠶᠢᠨ ᠳᠦᠷᠪᠡᠨ ᠳᠦ ᠰᠤᠷᠠᠭ ᠦᠭᠡᠢ ᠠᠯᠠᠭ᠎ᠠ ᠪᠣᠯᠵᠠᠢ᠃ ᠡᠨᠡ ᠲᠠᠯ᠎ᠠ ᠪᠠᠷ ᠭᠠᠳᠠᠭᠠᠳᠤ ᠬᠠᠷᠢᠯᠴᠠᠭᠠᠨ ᠤ ᠶᠠᠮᠤᠨ᠄ ᠢᠷᠭᠡᠨ︽ᠳ︾ᠨᠢᠭᠡᠳᠦᠭᠡᠷ ᠰᠠᠷ᠎ᠠ ᠶᠢᠨ ᠳᠦᠷᠪᠡᠨ ᠳᠦ ᠭᠡᠷ ᠡᠴᠡ ᠪᠡᠨ ᠭᠠᠷᠤᠭᠠᠳ ᠣᠳᠣ ᠶᠢ ᠬᠦᠷᠲᠡᠯ᠎ᠡ ᠰᠤᠷᠠᠭ ᠦᠭᠡᠢ ᠪᠠᠶᠢᠭ᠎ᠠ ᠲᠠᠯ᠎ᠠ ᠪᠠᠷ ᠠᠷᠤ ᠭᠡᠷ ᠦᠨ ᠬᠢᠨ ᠨᠢ ᠬᠠᠰᠠᠭᠰᠲ᠋ᠠᠨ ᠳ᠋ᠡᠬᠢ ᠡᠯᠴᠢᠨ ᠰᠠᠶᠢᠳ ᠤᠨ ᠶᠠᠮᠤᠨ ᠪᠣᠯᠤᠨ ᠠᠯᠮᠠᠲ ᠬᠤᠲᠠ ᠶᠢᠨ ᠺᠤᠨᠰᠦ᠋ᠯ ᠤᠨ ᠭᠠᠵᠠᠷ ᠲᠤ ᠮᠡᠳᠡᠭᠡᠯᠡᠭᠰᠡᠨ᠃ ᠪᠢᠳᠡ ᠬᠠᠰᠠᠭᠰᠲ᠋ᠠᠨ ᠤ ᠬᠣᠯᠪᠣᠭᠳᠠᠬᠤ ᠪᠠᠶᠢᠭᠤᠯᠤᠯᠭ᠎ᠠ ᠨᠤᠭᠤᠳ ᠲᠤ ᠲᠤᠰ ᠢᠷᠭᠡᠨ ᠦ ᠮᠡᠳᠡᠭᠡᠯᠡᠯ ᠢ ᠲᠣᠳᠣᠷᠠᠭᠤᠯᠵᠤ ᠥᠭᠬᠦ ᠬᠦᠰᠡᠯᠲᠡ ᠲᠠᠯᠪᠢᠭᠰᠠᠨ᠃ ᠣᠳᠣ ᠪᠠᠷ ᠵᠢᠭᠰᠠᠭᠠᠯ ᠴᠤᠭᠯᠠᠭᠠᠨ ᠳᠤ ᠣᠷᠣᠯᠴᠠᠭᠰᠠᠨ ᠡᠰᠡᠬᠦ ᠮᠡᠳᠡᠭᠡᠯᠡᠯ ᠢᠷᠡᠭᠡ ᠦᠭᠡᠢ ᠪᠠᠶᠢᠨ᠎ᠠ ᠭᠡᠵᠡᠢ᠃
ᠬᠠᠰᠠᠭᠰᠲ᠋ᠠᠨ ᠳᠤ ᠮᠠᠨ ᠤ ᠤᠯᠤᠰ ᠤᠨ ᠳᠦᠷᠪᠡᠨ ᠮᠢᠩᠭ᠎ᠠ ᠭᠠᠷᠤᠢ ᠢᠷᠭᠡᠨ ᠠᠵᠢᠯᠯᠠᠵᠤ ᠠᠮᠢᠳᠤᠷᠠᠳᠠᠭ᠃ ᠰᠢᠲᠠᠮᠠᠬᠠᠢ ᠶᠢᠨ ᠬᠡᠢ ᠶᠢᠨ ᠦᠨ᠎ᠡ ᠶᠢ ᠡᠰᠡᠷᠭᠦᠴᠡᠭᠰᠡᠨ ᠵᠢᠭᠰᠠᠭᠠᠯ ᠤᠨ ᠤᠯᠠᠮ ᠠᠴᠠ ᠲᠤᠰ ᠤᠯᠤᠰ ᠲᠤ ᠡᠮᠬᠢ ᠵᠠᠮᠪᠠᠷᠠᠭ᠎ᠠ ᠦᠭᠡᠢ ᠪᠠᠶᠢᠳᠠᠯ ᠡᠭᠦᠰᠦᠭᠡᠳ ᠪᠤᠢ᠃ ᠵᠢᠭᠰᠠᠭᠠᠯ ᠤᠨ ᠤᠯᠠᠮ ᠠᠴᠠ ᠮᠣᠩᠭᠣᠯ ᠢᠷᠭᠡᠨ ᠬᠠᠯᠳᠠᠯᠭ᠎ᠠ ᠳᠤ ᠥᠷᠲᠦᠭᠰᠡᠨ ᠭᠡᠬᠦ ᠮᠡᠳᠡᠭᠡᠯᠡᠯ ᠢᠷᠡᠭᠡ ᠦᠭᠡᠢ ᠪᠠᠶᠢᠭ᠎ᠠ ᠲᠠᠯ᠎ᠠ ᠪᠠᠷ ᠡᠮᠦᠨ᠎ᠡ ᠨᠢ ᠭᠠᠳᠠᠭᠠᠳᠤ ᠬᠠᠷᠢᠯᠴᠠᠭᠠᠨ ᠤ ᠶᠠᠮᠤᠨ ᠮᠡᠳᠡᠭᠡᠯᠡᠭᠰᠡᠨ ᠪᠢᠯᠡ᠃