ᠭᠠᠶᠢᠯᠢ ᠶᠢᠨ ᠶᠡᠷᠦᠩᠬᠡᠢ ᠭᠠᠵᠠᠷ ᠤᠨ ᠰᠲ᠋ᠠᠲ᠋ᠢᠰᠲ᠋ᠢᠺ ᠤᠨ ᠬᠡᠯᠲᠡᠰ ᠦᠨ ᠳᠠᠷᠤᠭ᠎ᠠ ᠡ᠊∙ᠯᠾᠬᠠᠪᠠᠰᠦ᠋ᠷᠤᠩ ᠦᠨ ᠬᠡᠯᠡᠭᠰᠡᠨ ᠢᠶᠡᠷ ᠦᠩᠭᠡᠷᠡᠭᠰᠡᠨ ᠣᠨ ᠳᠤ ᠮᠣᠩᠭᠣᠯ ᠤᠯᠤᠰ ᠳᠡᠯᠡᠬᠡᠢ ᠶᠢᠨ 162 ᠤᠯᠤᠰ ᠲᠠᠢ ᠭᠠᠳᠠᠭᠠᠳᠤ ᠬᠤᠳᠠᠯᠳᠤᠭ᠎ᠠ ᠬᠢᠵᠡᠢ᠃ ᠡᠭᠦᠨ ᠡᠴᠡ 64 ᠤᠯᠤᠰ ᠲᠤ ᠪᠠᠷᠠᠭ᠎ᠠ ᠭᠠᠷᠠᠭᠠᠵᠤ᠂ 159 ᠤᠯᠤᠰ ᠠᠴᠠ ᠪᠠᠷᠠᠭ᠎ᠠ ᠪᠦᠲᠦᠭᠡᠭᠳᠡᠬᠦᠨ ᠤᠷᠤᠭᠤᠯᠤᠭᠰᠠᠨ ᠪᠠᠶᠢᠨ᠎ᠠ᠃ ᠡᠺᠰᠫᠣᠷᠲ 2021 ᠣᠨ ᠳᠤ 9.2 ᠲᠡᠷᠪᠤᠮ ᠳ᠋ᠣᠯᠯᠠᠷ ᠲᠤ ᠬᠦᠷᠴᠦ᠂ 2020 ᠣᠨ ᠤ ᠮᠥᠨ ᠦᠶ᠎ᠡ ᠡᠴᠡ 1.6 ᠲᠡᠷᠪᠤᠮ ᠳ᠋ᠣᠯᠯᠠᠷ ᠢᠶᠠᠷ ᠥᠰᠦᠭᠰᠡᠨ ᠪᠣᠯ 6.8 ᠲᠡᠷᠪᠤᠮ ᠳ᠋ᠣᠯᠯᠠᠷ ᠤᠨ ᠪᠠᠷᠠᠭ᠎ᠠ ᠪᠦᠲᠦᠭᠡᠭᠳᠡᠬᠦᠨ ᠢᠮᠫᠣᠷᠲᠯᠠᠵᠠᠢ᠃ ᠡᠨᠡ ᠨᠢ 2020 ᠣᠨ ᠤ ᠮᠥᠨ ᠦᠶ᠎ᠡ ᠡᠴᠡ1.5 ᠲᠡᠷᠪᠤᠮ ᠳ᠋ᠣᠯᠯᠠᠷ ᠪᠤᠶᠤ 29.2 ᠬᠤᠪᠢ ᠪᠠᠷ ᠥᠰᠦᠭᠰᠡᠨ ᠦᠵᠡᠭᠦᠯᠦᠯᠲᠡ ᠶᠤᠮ᠃ ᠮᠥᠨ 2021 ᠣᠨ ᠳᠤ 2.7 ᠲᠡᠷᠪᠤᠮ ᠳ᠋ᠣᠯᠯᠠᠷ ᠤᠨ 15.7 ᠰᠠᠶ᠎ᠠ ᠲᠣᠨ ᠴᠢᠯᠠᠭᠤᠨ ᠨᠡᠭᠦᠷᠡᠰᠦ ᠡᠺᠰᠫᠣᠷᠲᠯᠠᠵᠠᠢ᠃ ᠡᠨᠡ ᠨᠢ 2019 ᠣᠨ ᠤ ᠮᠥᠨ ᠦᠶ᠎ᠡ ᠡᠴᠡ 310.4 ᠰᠠᠶ᠎ᠠ ᠳ᠋ᠣᠯᠯᠠᠷ ᠪᠤᠶᠤ 20.8 ᠰᠠᠶ᠎ᠠ ᠲᠣᠨ ᠢᠶᠠᠷ ᠪᠠᠭᠤᠷᠠᠭᠰᠠᠨ ᠭᠡᠰᠡᠨ ᠦᠭᠡ᠃
ᠪᠥᠰᠡ ᠨᠤᠲᠤᠭ ᠤᠨ ᠬᠡᠮᠵᠢᠶᠡᠨ ᠳᠦ ᠬᠦᠯᠢᠶᠡᠭᠰᠡᠨ ᠡᠭᠦᠷᠭᠡ ᠶᠢᠨ ᠳᠠᠭᠠᠤ ᠡᠷᠡᠰᠳᠡᠯ ᠦᠨ ᠰᠤᠳᠤᠯᠭᠠᠨ ᠳᠤ ᠰᠠᠭᠤᠷᠢᠯᠠᠨ ᠬᠤᠳᠠᠯᠳᠤᠭᠠᠨ ᠤ ᠯᠤᠶᠢᠪᠠᠷ᠂ ᠭᠠᠶᠢᠯᠢ ᠶᠢᠨ ᠵᠥᠷᠢᠴᠡᠯ ᠢ ᠢᠯᠡᠷᠡᠭᠦᠯᠦᠨ ᠲᠠᠰᠤᠯᠤᠨ ᠵᠣᠭᠰᠣᠭᠠᠵᠤ ᠨᠡᠶᠢᠲᠡ 933 ᠬᠠᠤᠯᠢ ᠪᠤᠰᠤ ᠦᠢᠯᠡᠳᠦᠯ ᠢ ᠬᠢᠨᠠᠨ ᠰᠢᠢᠳᠪᠦᠷᠢᠯᠡᠵᠦ 1.6 ᠲᠡᠷᠪᠤᠮ ᠲᠥᠭᠥᠷᠢᠭ ᠦᠨ ᠲᠣᠷᠭᠠᠭᠤᠯᠢ᠂ 2.7 ᠲᠡᠷᠪᠤᠮ ᠲᠥᠭᠥᠷᠢᠭ ᠦᠨ ᠲᠠᠲᠠᠪᠤᠷᠢ ᠶᠢ ᠨᠥᠬᠥᠨ ᠲᠥᠯᠦᠭᠦᠯᠵᠡᠢ᠃