ᠬᠠᠤᠯᠢ ᠵᠦᠢ᠂ ᠳᠣᠲᠣᠭᠠᠳᠤ ᠬᠡᠷᠡᠭ ᠦᠨ ᠰᠠᠶᠢᠳ ᠬ∙ᠨᠢᠮᠠᠪᠠᠭᠠᠲᠤᠷ《ᠤᠭ᠍ᠶᠤᠲᠤᠯᠤᠭᠠᠢ ᠣᠷᠳᠣ ᠠᠴᠠ ᠮᠣᠩᠭᠣᠯ ᠤᠯᠤᠰ ᠤᠨ ᠬᠦᠷᠲᠡᠬᠦ ᠦᠷ᠎ᠡ ᠠᠰᠢᠭ ᠢ ᠬᠠᠩᠭᠠᠭᠤᠯᠬᠤ ᠲᠤᠬᠠᠢ》ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠲᠥᠰᠥᠯ ᠢ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠳᠤ ᠥᠨᠥᠳᠥᠷ ᠡᠷᠭᠦᠨ ᠪᠠᠷᠢᠯ᠎ᠠ᠃ ᠶᠡᠷᠦᠩᠬᠡᠢ ᠰᠠᠶᠢᠳ ᠤᠨ 2021 ᠣᠨ ᠤ 45 ᠳ᠋ᠤᠭᠠᠷ ᠵᠠᠬᠢᠷᠤᠮᠵᠢ ᠪᠠᠷ ᠪᠠᠶᠢᠭᠤᠯᠤᠭᠳᠠᠭᠰᠠᠨ ᠠᠵᠢᠯ ᠤᠨ ᠬᠡᠰᠡᠭ ᠤᠨ ᠰᠠᠨᠠᠯ ᠢ ᠭᠠᠳᠠᠭᠠᠳᠤ ᠶᠢᠨ ᠬᠦᠷᠦᠩᠭᠡ ᠣᠷᠣᠭᠤᠯᠤᠭᠴᠢ ᠲᠠᠯ᠎ᠠ ᠬᠦᠯᠢᠶᠡᠨ ᠵᠥᠪᠰᠢᠶᠡᠷᠡᠬᠦ ᠳᠦ ᠪᠡᠯᠡᠨ ᠪᠠᠶᠢᠭ᠎ᠠ ᠪᠠᠨ ᠢᠯᠡᠷᠬᠡᠶᠢᠯᠡᠭᠰᠡᠨ ᠪᠠᠶᠢᠨ᠎ᠠ᠃ ᠡᠭᠦᠨ ᠳᠦ᠄
ᠤᠭ᠍ᠶᠤᠲᠤᠯᠤᠭᠠᠢ ᠲᠥᠰᠥᠯ ᠦᠨ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠡᠵᠡᠮᠰᠢᠯ ᠦᠨ 34 ᠬᠤᠪᠢ ᠳᠤ ᠨᠣᠭᠳᠠᠬᠤ ᠨᠡᠶᠢᠲᠡ 2.3 ᠲᠡᠷᠪᠤᠮ ᠳ᠋ᠣᠯᠯᠠᠷ ᠤᠨ ᠥᠷ ᠢ 100 ᠬᠤᠪᠢ ᠲᠢᠭᠯᠡᠬᠦ᠃
2015 ᠣᠨ ᠤ ᠤᠭ᠍ᠶᠤᠲᠤᠯᠤᠭᠠᠢ ᠶᠢᠨ ᠳᠠᠯᠳᠠ ᠠᠭᠤᠷᠬᠠᠢ ᠶᠢᠨ ᠪᠦᠲᠦᠭᠡᠨ ᠪᠠᠶᠢᠭᠤᠯᠤᠯᠲᠠ᠂ ᠰᠠᠩᠬᠦᠦᠵᠢᠯᠲᠡ ᠶᠢᠨ ᠲᠥᠯᠥᠪᠯᠡᠭᠡ ᠪᠣᠯᠤᠨ ᠤᠭ᠍ᠶᠤᠲᠤᠯᠤᠭᠠᠢ ᠶᠢᠨ ᠳᠠᠯᠳᠠ ᠠᠭᠤᠷᠬᠠᠢ ᠶᠢᠨ ᠪᠦᠲᠦᠭᠡᠨ ᠪᠠᠶᠢᠭᠤᠯᠤᠯᠲᠠ᠂ ᠤᠭ᠍ᠶᠤᠲᠤᠯᠤᠭᠠᠢ ᠶᠢᠨ ᠨᠡᠮᠡᠯᠲᠡ ᠲᠥᠯᠥᠪᠯᠡᠭᠡ ᠶᠢ ᠴᠤᠴᠠᠯᠠᠬᠤ᠃
ᠤᠭ᠍ᠶᠤᠲᠤᠯᠤᠭᠠᠢ ᠶᠢᠨ ᠳᠠᠯᠳᠠ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠶᠢᠨ ᠲᠥᠰᠥᠯ ᠦᠨ ᠰᠠᠩᠬᠦᠦᠵᠢᠯᠲᠡ ᠳᠦ ᠬᠦᠨᠳᠡᠯᠡᠨ ᠦ ᠠᠦ᠋ᠳᠢᠲ ᠤᠷᠤᠭᠤᠯᠬᠤ᠃
ᠤᠭ᠍ᠶᠤᠲᠤᠯᠤᠭᠠᠢ ᠲᠥᠰᠥᠯ ᠦᠨ ᠭᠦᠨ ᠦ ᠠᠭᠤᠷᠬᠠᠢ ᠠᠰᠢᠭᠯᠠᠯᠲᠠ ᠳᠤ ᠣᠷᠣᠵᠤ ᠣᠯᠪᠤᠷᠢᠯᠠᠯᠲᠠ ᠡᠬᠢᠯᠡᠬᠦ ᠬᠤᠭᠤᠴᠠᠭ᠎ᠠ ᠪᠤᠶᠤ 2023 ᠣᠨ ᠤ ᠡᠬᠢᠨ ᠦ ᠬᠠᠭᠠᠰ ᠬᠦᠷᠲᠡᠯᠡᠬᠢ ᠨᠡᠮᠡᠯᠲᠡ ᠵᠠᠷᠤᠳᠠᠯ ᠢ ᠭᠠᠳᠠᠭᠠᠳᠤ ᠶᠢᠨ ᠬᠥᠷᠥᠩᠭᠡ ᠣᠷᠣᠭᠤᠯᠤᠭᠴᠢ ᠲᠠᠯ᠎ᠠ 100 ᠬᠤᠪᠢ ᠬᠠᠷᠢᠭᠤᠴᠠᠵᠤ᠂ ᠡᠷᠳᠡᠨᠢᠰ ᠤᠭ᠍ᠶᠤᠲᠤᠯᠤᠭᠠᠢ ᠳᠦᠨᠡᠮᠡᠯᠲᠡ ᠦᠷᠢ ᠡᠭᠦᠰᠬᠡᠬᠦ ᠦᠭᠡᠢ ᠪᠠᠶᠢᠬᠤ᠃
ᠤᠭ᠍ᠶᠤᠲᠤᠯᠤᠭᠠᠢ ᠶᠢᠨ ᠵᠠᠰᠠᠭᠯᠠᠯ ᠢ ᠰᠠᠶᠢᠵᠢᠷᠠᠭᠤᠯᠬᠤ᠂ ᠮᠣᠩᠭᠣᠯ ᠤᠯᠤᠰ ᠤᠨ ᠡᠷᠴᠢᠮ ᠬᠦᠴᠦᠨ ᠦ ᠨᠢᠭᠡᠳᠦᠭᠰᠡᠨ ᠰᠦᠯᠵᠢᠶᠡᠨ ᠡᠴᠡ ᠴᠠᠬᠢᠯᠭᠠᠨ ᠡᠷᠴᠢᠮ ᠬᠦᠴᠦ ᠪᠡᠷ ᠬᠠᠩᠭᠠᠬᠤ ᠭᠡᠷ᠎ᠡ ᠪᠠᠶᠢᠭᠤᠯᠬᠤ᠂ ᠲᠥᠰᠥᠯ ᠦᠨ ᠪᠠᠶᠢᠭᠠᠯᠢ ᠣᠷᠴᠢᠨ᠂ ᠨᠡᠶᠢᠭᠡᠮ᠂ ᠵᠠᠰᠠᠭᠯᠠᠯ ᠢ ᠰᠠᠶᠢᠵᠢᠷᠠᠭᠤᠯᠬᠤ ᠴᠢᠭᠯᠡᠯ ᠢᠶᠡᠷ ᠬᠠᠮᠲᠤᠷᠠᠨ ᠠᠵᠢᠯᠯᠠᠬᠤ᠃
ᠲᠠᠲᠠᠪᠤᠷᠢ ᠶᠢᠨ ᠠᠺᠲ ᠤᠳ ᠤᠨ ᠪᠡᠶᠡᠯᠡᠯᠲᠡ ᠶᠢ ᠬᠠᠩᠭᠠᠭᠤᠯᠬᠤ᠂ ᠴᠢᠨᠠᠭᠰᠢᠳᠠ ᠨᠢᠭᠡ ᠮᠥᠷ ᠣᠶᠢᠯᠠᠭᠠᠵᠤ᠂ ᠳᠠᠭᠠᠵᠤ ᠮᠥᠷᠳᠡᠬᠦ ᠶᠢ ᠬᠦᠯᠢᠶᠡᠨ ᠵᠥᠪᠰᠢᠶᠡᠷᠡᠭᠦᠯᠵᠦ᠂ ᠬᠡᠷᠡᠭᠵᠢᠭᠦᠯᠬᠦ᠃