ᠡᠮᠦᠨᠡᠭᠣᠪᠢ ᠠᠢᠮᠠᠭ ᠤᠨ ᠰᠡᠪᠡᠷᠡᠢ ᠬᠠᠶᠢᠷᠬᠠᠨ ᠤ ᠡᠩᠭᠡᠷ᠂ ᠨᠣᠶᠠᠨ ᠰᠤᠮᠤ ᠶᠢᠨ ᠬᠠᠨ᠎ᠠ ᠶᠢᠨ ᠬᠡᠴᠡ ᠶᠢᠨ ᠪᠠᠷᠠᠭᠤᠨ ᠦᠵᠦᠭᠦᠷ ᠪᠠᠶᠠᠰᠬᠤ ᠪᠠᠭ ᠤᠨ ᠨᠤᠲᠤᠭ᠂ ᠭᠤᠷᠪᠠᠨᠲᠡᠰ ᠦᠨ ᠪᠠᠷᠠᠭᠤᠨ᠂ ᠵᠡᠭᠦᠨ᠂ ᠳᠤᠮᠳᠠ ᠭᠣᠣᠯ ᠤᠨ ᠣᠷᠴᠢᠮ ᠳᠤ ᠥᠨᠳᠥᠷᠯᠢᠭ ᠭᠠᠵᠠᠷ ᠲᠤ ᠰᠦᠯᠵᠢᠶᠡᠨ ᠦ ᠰᠤᠪᠤᠷᠭ᠎ᠠ ᠪᠠᠶᠢᠷᠢᠰᠢᠭᠤᠯᠤᠭᠰᠠᠨ ᠪᠠᠶᠢᠨ᠎ᠠ᠃ ᠢᠩᠭᠢᠭᠰᠡᠨ ᠢᠶᠡᠷ ᠣᠷᠣᠨ ᠨᠤᠲᠤᠭ ᠤᠨ ᠢᠷᠭᠡᠳ ᠮᠡᠳᠡᠭᠡᠯᠡᠯ ᠢᠶᠡᠨ ᠴᠠᠭ ᠲᠤᠬᠠᠢ ᠳᠤ ᠨᠢ ᠰᠣᠯᠢᠯᠴᠠᠬᠤ ᠪᠣᠯᠤᠮᠵᠢ ᠲᠠᠢ ᠪᠣᠯᠵᠤ ᠪᠠᠶᠢᠭ᠎ᠠ ᠶᠤᠮ᠃
2024 ᠣᠨ ᠬᠦᠷᠲᠡᠯ᠎ᠡ ᠡᠮᠦᠨᠡᠭᠣᠪᠢ ᠠᠶᠢᠮᠠᠭ ᠨᠢ ᠪᠦᠬᠦ ᠭᠠᠵᠠᠷ ᠨᠤᠲᠤᠭ ᠲᠤ ᠪᠡᠨ 4 G ᠰᠦᠯᠵᠢᠶ᠎ᠡ ᠶᠢ ᠨᠡᠪᠲᠡᠷᠡᠭᠦᠯᠬᠦ ᠪᠡᠷ ᠲᠥᠯᠥᠪᠯᠡᠨ ᠠᠵᠢᠯᠯᠠᠵᠤ ᠪᠠᠶᠢᠨ᠎ᠠ᠃ ᠬᠦᠮᠦᠨ ᠦ ᠤᠨᠠᠭᠠᠨ ᠡᠷᠬᠡ ᠪᠣᠯ ᠮᠡᠳᠡᠭᠡᠯᠡᠯ ᠠᠪᠬᠤ ᠡᠷᠬᠡ᠃ ᠪᠢᠳᠡ ᠬᠠᠮᠲᠤᠷᠠᠨ ᠡᠮᠦᠨᠡᠭᠣᠪᠢᠴᠤᠳ ᠢᠶᠠᠨ ᠴᠠᠬᠢᠮᠵᠢᠭᠤᠯᠬᠤ ᠠᠶᠠᠨ ᠢ ᠱᠠᠲᠤ ᠳᠠᠷᠠᠭ᠎ᠠ ᠲᠠᠢ ᠡᠷᠴᠢᠮᠲᠡᠢ ᠵᠣᠬᠢᠶᠠᠨ ᠪᠠᠶᠢᠭᠤᠯᠵᠤ ᠪᠠᠶᠢᠨ᠎ᠠ ᠭᠡᠵᠦ ᠡᠮᠦᠨᠡᠭᠤᠪᠢ ᠶᠢᠨ ᠬᠠᠷᠢᠯᠴᠠᠭ᠎ᠠ ᠬᠤᠯᠪᠤᠭᠠᠨ ᠤ ᠰᠠᠯᠪᠤᠷᠢ ᠶᠢᠨ ᠤᠳᠤᠷᠢᠳᠬᠤ ᠠᠵᠢᠯᠲᠠᠨ ᠬᠡᠯᠡᠵᠡᠢ᠃