ᠬᠤᠩᠺᠤᠩ ᠦᠨ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ Mongolia Energy Corporation ᠺᠣᠮᠫᠠᠨᠢ ᠥᠩᠭᠡᠷᠡᠭᠰᠡᠨ ᠳᠣᠯᠣᠭ᠎ᠠ ᠬᠣᠨᠣᠭ ᠠᠴᠠ ᠬᠢᠲᠠᠳ ᠲᠤ ᠨᠡᠭᠦᠷᠡᠰᠦ ᠪᠡᠨ ᠭᠠᠷᠭᠠᠵᠤ ᠡᠬᠢᠯᠡᠭᠰᠡᠨ ᠴᠤ ᠲᠠᠯᠪᠢᠵᠤ ᠪᠤᠢ ᠱᠠᠭᠠᠷᠳᠠᠯᠭ᠎ᠠ᠂ ᠬᠠᠲᠠᠭᠤ ᠬᠢᠨᠠᠯᠲᠠ ᠰᠢᠯᠭᠠᠯᠲᠠ ᠨᠢ ᠡᠺᠰᠫᠣᠷᠲ ᠤᠨ ᠪᠡᠶᠡᠲᠦ ᠬᠡᠮᠵᠢᠶᠡᠨ ᠳᠦ ᠨᠥᠯᠦᠭᠡᠯᠡᠵᠦ᠂ ᠶᠡᠬᠡ ᠬᠡᠮᠵᠢᠶᠡᠨ ᠦ ᠨᠡᠭᠦᠷᠡᠰᠦ ᠭᠠᠷᠭᠠᠬᠤ ᠪᠣᠯᠤᠮᠵᠢ ᠦᠭᠡᠢ ᠪᠠᠶᠢᠭ᠎ᠠ ᠶᠢ ᠣᠨᠴᠠᠯᠠᠭᠰᠠᠨ ᠶᠤᠮ᠃
ᠬᠢᠯᠢ ᠶᠢᠨ ᠪᠣᠭᠣᠮᠲᠠ ᠶᠢᠨ ᠭᠠᠴᠢᠭᠠ ᠶᠢ ᠠᠷᠢᠯᠭᠠᠬᠤ ᠪᠠᠷ ᠭᠠᠳᠠᠭᠠᠳᠤ ᠬᠠᠷᠢᠯᠴᠠᠭᠠᠨ ᠤ ᠳᠡᠳ᠋ ᠰᠠᠶᠢᠳ ᠵᠠᠮ ᠤᠨ-ᠡᠭᠦᠳᠡ ᠳᠦ ᠣᠴᠢᠭᠰᠠᠨ ᠪᠠ ᠵᠠᠮ ᠤᠨ-ᠡᠭᠦᠳᠡ-ᠡᠷᠢᠶᠡᠨ ᠦ ᠪᠣᠭᠣᠮᠲᠠ ᠶᠢᠨ ᠳᠤᠮᠳᠠ ᠶᠢᠨ ᠪᠥᠰᠡ ᠳᠦ ᠴᠢᠩᠭᠡᠯᠢᠭ ᠠᠴᠢᠬᠤ ᠪᠠᠭᠤᠯᠭᠠᠬᠤ ᠲᠠᠯᠠᠪᠠᠢ ᠪᠠᠶᠢᠭᠤᠯᠤᠭᠠᠳ ᠪᠠᠢᠭ᠎ᠠ ᠪᠥᠭᠡᠳ ᠡᠨᠡ ᠬᠦ ᠲᠠᠯᠠᠪᠠᠢ ᠨᠢ 50 ᠣᠷᠴᠢᠮ ᠴᠢᠩᠭᠡᠯᠢᠭ ᠪᠠᠶᠢᠷᠢᠰᠢᠭᠤᠯᠬᠤ ᠵᠠᠶᠢᠲᠠᠢ ᠶᠤᠮ ᠪᠠᠶᠢᠨ᠎ᠠ᠃ ᠬᠠᠷᠢᠨ ᠭᠠᠰᠢᠭᠤᠨᠰᠤᠬᠠᠢᠲᠤ ᠪᠣᠭᠣᠮᠲᠠ ᠶᠢᠨ ᠬᠤᠪᠢ ᠳᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠤᠳᠤᠷᠢᠳᠤᠯᠭ᠎ᠠ ᠨᠠᠷ 12 ᠳ᠋ᠤᠭᠠᠷ ᠰᠠᠷ᠎ᠠ ᠶᠢᠨ ᠭᠤᠷᠪᠠᠨ ᠠᠴᠠ ᠡᠬᠢᠯᠡᠨ ᠨᠡᠭᠦᠷᠡᠰᠦ ᠲᠡᠭᠡᠭᠡᠪᠦᠷᠢ ᠶᠢᠨ 100 ᠲᠡᠷᠭᠡ ᠬᠢᠯᠢ ᠪᠡᠷ ᠣᠷᠣᠭᠤᠯᠬᠤ ᠪᠠᠨ ᠮᠡᠳᠡᠭᠳᠡᠭᠰᠡᠨ ᠴᠤ ᠭᠠᠭᠴᠠᠮᠤᠳᠤ ᠪᠣᠭᠣᠮᠲᠠ ᠳᠦ ᠣᠴᠢᠭᠠᠳ ᠰᠢᠨᠵᠢᠯᠡᠭᠡ ᠥᠭᠭᠦᠭᠰᠡᠨ ᠵᠢᠯᠣᠭᠣᠴᠢ ᠨᠠᠷ ᠠᠴᠠ ᠵᠢᠷᠭᠤᠭᠠᠨ ᠬᠦᠮᠦᠨ ᠦ ᠰᠢᠨᠵᠢᠯᠡᠭᠡᠨ ᠦ ᠬᠠᠷᠢᠭᠤ《ᠡᠶᠡᠷᠭᠦ》ᠭᠠᠷᠤᠭᠰᠠᠨ ᠠᠴᠠ ᠬᠠᠮᠢᠶᠠᠷᠤᠭᠠᠳ ᠬᠢᠲᠠᠳ ᠤᠨ ᠲᠠᠯ᠎ᠠ ᠶᠠᠮᠠᠷ ᠰᠢᠢᠳᠪᠦᠷᠢ ᠭᠠᠷᠭᠠᠬᠤ ᠨᠢ ᠲᠣᠳᠣᠷᠬᠠᠢ ᠦᠭᠡᠢ ᠪᠠᠶᠢᠭ᠎ᠠ ᠶᠤᠮ᠃