ᠠᠦᠢᠰᠲᠷᠠᠯᠢᠶ᠎ᠠ ᠶᠢᠨ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ Aspire Mining ᠺᠣᠮᠫᠠᠨᠢ《ᠣᠪᠣᠭᠠᠲᠤ》ᠺᠣᠺᠰᠵᠢᠬᠤ ᠨᠡᠭᠦᠷᠡᠰᠦᠨ ᠦ ᠲᠥᠰᠥᠯ ᠳᠦ ᠬᠢᠬᠦ ᠬᠥᠷᠥᠩᠭᠡ ᠣᠷᠣᠭᠤᠯᠤᠯᠲᠠ ᠪᠠᠨ 2022 ᠣᠨ ᠪᠣᠯᠭᠠᠵᠤ ᠬᠣᠶᠢᠰᠢᠯᠠᠭᠤᠯᠤᠭᠰᠠᠨ ᠢ SXCoal ᠮᠡᠳᠡᠭᠡᠯᠡᠯ᠎ᠡ᠃ 《Aspire Mining》 ᠺᠣᠮᠫᠠᠨᠢ ᠬᠥᠪᠰᠥᠭᠥᠯ ᠠᠶᠢᠮᠠᠭ ᠲᠤ ᠪᠠᠶᠢᠷᠢᠯᠠᠯ ᠲᠠᠢ 《ᠣᠪᠣᠭᠠᠲᠤ》 ᠺᠣᠺᠰᠵᠢᠬᠤ ᠨᠡᠭᠦᠷᠡᠰᠦᠨ ᠦ ᠤᠷᠳᠤ ᠶᠢ 100 ᠬᠤᠪᠢ᠂ ᠮᠥᠨ《ᠨᠡᠭᠦᠷᠡᠰᠦᠲᠡᠢ》ᠤᠷᠳᠤ ᠶᠢᠨ 90 ᠬᠤᠪᠢ ᠶᠢ ᠡᠵᠡᠮᠰᠢᠳᠡᠭ᠃
ᠲᠡᠳᠡ《ᠣᠪᠣᠭᠠᠲᠤ》ᠲᠥᠰᠥᠯ ᠢ ᠬᠣᠶᠠᠷ ᠱᠠᠲᠤ ᠲᠠᠢ ᠬᠥᠭᠵᠢᠭᠦᠯᠬᠦ ᠪᠡᠷ ᠲᠥᠯᠥᠪᠯᠡᠵᠦ ᠪᠠᠶᠢᠨ᠎ᠠ᠃ ᠣᠳᠣ ᠪᠠᠷ ᠲᠥᠰᠥᠯ ᠦᠨ ᠨᠢᠭᠡᠳᠦᠭᠡᠷ ᠱᠠᠲᠤ ᠪᠤᠶᠤ ᠢᠯᠡ ᠠᠭᠤᠷᠬᠠᠢ ᠶᠢᠨ ᠬᠥᠭᠵᠢᠭᠦᠯᠦᠯᠲᠡ ᠶᠢᠨ ᠱᠠᠲᠤᠨ ᠳᠤ ᠶᠠᠪᠤᠵᠤ ᠪᠠᠶᠢᠭ᠎ᠠ ᠶᠤᠮ᠃ ᠢᠯᠡ ᠠᠭᠤᠷᠬᠠᠢ 54 ᠰᠠᠶ᠎ᠠ ᠲᠣᠨ ᠨᠡᠭᠦᠷᠡᠰᠦᠨ ᠦ ᠨᠥᠭᠡᠴᠡ ᠲᠡᠢ᠂ ᠠᠭᠤᠷᠬᠠᠢ ᠶᠢᠨ ᠦᠢᠯᠡ ᠠᠵᠢᠯᠯᠠᠭ᠎ᠠ 12 ᠵᠢᠯ ᠦᠷᠭᠦᠯᠵᠢᠯᠡᠨ᠎ᠡ ᠭᠡᠵᠦ ᠲᠣᠭᠠᠴᠠᠭᠠᠯᠠᠵᠠᠢ᠃ ᠬᠠᠷᠢᠨ ᠬᠣᠶᠠᠳᠤᠭᠠᠷ ᠱᠠᠲᠤᠨ ᠳᠤ ᠨᠡᠭᠦᠷᠡᠰᠦ ᠪᠠᠶᠠᠵᠢᠭᠤᠯᠬᠤ ᠦᠢᠯᠡᠳᠪᠦᠷᠢ ᠪᠠᠷᠢᠬᠤ ᠪᠠᠷ ᠲᠥᠯᠥᠪᠯᠡᠵᠦ ᠪᠠᠶᠢᠨ᠎ᠠ᠃ ᠵᠢᠯ ᠳᠦ 1.5 ᠰᠠᠶ᠎ᠠ ᠲᠣᠨ ᠨᠡᠭᠦᠷᠡᠰᠦ ᠪᠣᠯᠪᠠᠰᠤᠷᠠᠭᠤᠯᠬᠤ ᠬᠦᠴᠦᠨ ᠴᠢᠳᠠᠯ ᠲᠠᠢ ᠶᠤᠮ ᠪᠠᠶᠢᠨ᠎ᠠ᠃